ᠬᠤᠨ ᠲᠤᠤᠯᠢ – ᠴᠣ ᠂ ᠣᠷᠱᠤᠨ Хун тууль – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨ ᠲᠤᠤᠯᠢ – ᠴᠣ ᠂ ᠣᠷᠱᠤᠨ Хун тууль – Чо ᠂ Оршин

ᠬᠤᠨ ᠲᠤᠤᠯᠢ – ᠴᠣ ᠂ ᠣᠷᠱᠤᠨ Хун тууль – Чо ᠂ Оршин

2024-04-23

396

ᠬᠤᠨ ᠲᠤᠤᠯᠢ

     
          ᠨᠢᠭᠡ  
 ᠬᠤᠨ ᠰᠢᠪᠠᠭᠤᠨ ᠤ᠋ ᠵᠡᠯᠡᠯᠡᠭᠡ 
 ᠬᠣᠪᠳᠣᠯ ᠵᠢᠷᠦᠬᠡ ᠪᠡᠷ ᠬᠣᠯᠪᠣᠭ᠎ᠠ ᠲᠠᠢ  
 ᠬᠣᠩᠭᠣᠷ ᠳᠠᠭᠤᠨ ᠤ᠋ ᠴᠤᠤᠷᠢᠶ᠎ᠠ   
 ᠬᠣᠯᠠ ᠶ᠋ᠢᠨ ᠬᠣᠯᠠ ᠵᠣᠯᠪᠣᠭ᠎ᠠ ᠲᠠᠢ  
 ᠬᠥᠬᠡ ᠮᠥᠩᠭᠥᠨ ᠲᠩᠷᠢ ᠳ᠋ᠦ᠍  
 ᠬᠥᠲᠥᠴᠢ ᠵᠠᠯᠭᠠᠨ ᠳᠡᠪᠳᠡᠷᠢᠨ᠎ᠡ᠂ 
 ᠬᠥᠷᠥᠰᠥᠲᠦ ᠠᠯᠲᠠᠨ ᠳᠡᠯᠡᠬᠡᠢ ᠳ᠋ᠦ᠍  
 ᠬᠥᠭ ᠰᠣᠨᠣᠷᠳᠠᠨ ᠳᠠᠭᠤᠷᠢᠰᠤᠨ᠎ᠠ᠂ 
 ᠰᠠᠭᠠᠯᠢ ᠪᠠᠨ ᠡᠷᠭᠦᠭᠰᠡᠨ ᠮᠠᠯᠴᠢᠳ  
 ᠰᠠᠴᠤᠯᠢ ᠳᠡᠭᠡᠵᠢᠯᠡᠨ ᠵᠣᠭᠰᠣᠨ᠎ᠠ᠂ 
 ᠴᠠᠩ ᠪᠤᠭᠤᠷᠤᠯ ᠨᠠᠰᠤᠲᠠᠨ 
 ᠰᠠᠷᠠᠪᠴᠢᠯᠠᠵᠤ ᠡᠨᠡᠷᠢᠨ ᠪᠠᠷᠠᠯᠠᠨ᠎ᠠ᠃ 
 ᠭᠠᠩᠭᠠᠷ ᠭᠣᠩᠭᠣᠷ ᠳᠠᠭᠤ ᠨᠢ 
 ᠤᠶᠠᠷᠠᠭᠤᠨ ᠪᠠᠢᠳᠠᠭ ᠨᠢ ᠶᠠᠭᠤ ᠪᠣᠯ?  
 ᠭᠠᠵᠠᠷ ᠤ᠋ᠨ ᠲᠦᠪᠰᠢᠨ ᠢ᠋ ᠰᠢᠷᠲᠡᠭᠡᠳ 
 ᠡᠷᠭᠢᠴᠡᠵᠦ ᠪᠠᠢᠭ᠎ᠠ ᠨᠢ ᠶᠠᠭᠤᠨ ᠳ᠋ᠤ᠌ ᠪᠣᠯ⁈  
 ᠥᠭᠡᠰᠢ ᠪᠡᠨ ᠠᠯᠳᠠᠭᠰᠠᠨ ᠭᠠᠵᠠᠷ ᠤᠤ?  
 ᠦᠷ᠎ᠡ ᠪᠡᠨ ᠣᠷᠬᠢᠭᠰᠠᠨ ᠥᠯᠥᠭᠡᠢ ᠨᠢ ᠤᠤ? 
 ᠬᠥᠮᠦᠨ ᠲᠥᠷᠥᠯᠬᠢᠲᠡᠨ ᠦ᠌ ᠰᠡᠳᠬᠢᠯᠭᠡ ᠲᠡᠢ  
 ᠬᠦᠳᠡᠳ ᠶᠠᠮᠠᠷᠬᠠᠨ ᠲᠥᠰᠦᠭᠡ ᠪᠣᠢ⁈  
 ᠤᠤᠵᠢ ᠲᠠᠲᠠᠭᠤᠷᠲᠤ ᠡᠵᠢ ᠶ᠋ᠢᠨ  
 ᠤᠷᠢᠳᠤ ᠲᠥᠷᠥᠯ ᠦ᠋ᠨ ᠪᠦᠷᠢᠯᠸ᠎ᠠ ᠰᠢᠭ᠋  
 ᠣᠪᠣᠭ ᠨᠢᠭᠡᠲᠡᠢ ᠡᠬᠡ ᠶ᠋ᠢᠨ 
 ᠤᠤᠭᠠᠨ ᠲᠦᠰ ᠦ᠋ᠨ ᠬᠢᠨᠢ ᠲᠥᠷᠬᠦ ᠰᠢᠭ  
 ᠳᠣᠮᠣᠭ ᠦᠯᠢᠭᠡᠷ ᠡᠴᠡ ᠠᠮᠢᠯᠠᠭᠰᠠᠨ  
 ᠳᠤᠷᠠᠳᠬᠠᠯ ᠶᠠᠷᠢᠶᠠᠨ ᠤ᠋ ᠬᠡᠰᠢᠭ  
 ᠪᠠᠷᠭᠤᠳᠠᠢ ᠮᠡᠷᠭᠡᠨ ᠦ᠌ ᠴᠠᠳᠢᠭ  
 ᠪᠠᠷᠭᠤ ᠶᠠᠰᠤᠲᠠᠨ ᠤ᠋ ᠲᠡᠦᠬᠡ ᠶ᠋ᠢ  
 ᠣᠳᠣᠨ ᠮᠡᠴᠢᠳ ᠭᠠᠷᠠᠭ ᠢ᠋ᠶ᠋ᠠᠷ  
 ᠣᠨᠣᠰᠢᠯᠠᠵᠤ ᠰᠢᠨᠵᠢᠯᠡᠨ ᠰᠢᠭᠦᠵᠦ  
 ᠣᠷᠴᠢᠯᠠᠩ ᠬᠣᠷᠸ᠎ᠠ ᠶ᠋ᠢᠨ ᠳᠠᠩᠰᠠ ᠪᠠᠷ  
 ᠣᠨᠣᠪᠴᠢ ᠪᠠᠷᠢᠨ ᠨᠠᠮᠲᠠᠷᠯᠠᠵᠤ  
 ᠪᠠᠢᠭᠠᠯ ᠳᠠᠯᠠᠢ ᠶ᠋ᠢᠨ ᠱᠤᠤᠭᠢᠶᠠᠨ ᠲᠠᠢ  
 ᠪᠠᠶᠠᠨ ᠳᠥᠭᠥᠮ ᠦ᠋ᠨ ᠳᠡᠨᠵᠢ 
 ᠪᠠᠷᠭᠤᠵᠢᠨ ᠭᠣᠣᠯ ᠤ᠋ᠨ ᠬᠥᠪᠡᠭᠡᠨ ᠡᠴᠡ  
 ᠪᠠᠳᠠᠭ ᠰᠢᠯᠦᠭ ᠢ᠋ᠶ᠋ᠡᠷ ᠱᠠᠰᠲᠢᠷᠯᠠᠵᠤ  
 ᠲᠡᠦᠬᠡ ᠨᠡᠢᠭᠡᠮ ᠦ᠋ᠨ ᠲᠣᠭᠣᠭᠠᠨ ᠳ᠋ᠤ᠌  
 ᠲᠦᠭᠦᠬᠡᠢ ᠱᠦᠭᠦᠷᠬᠡᠢ ᠶ᠋ᠢ ᠪᠤᠴᠠᠯᠭᠠᠨᠠᠮ!  
 ᠲᠦᠮᠡᠨ ᠣᠨ ᠤ᠋ ᠬᠠᠭᠤᠳᠠᠰᠤᠨ ᠳ᠋ᠤ᠌  
 ᠲᠤᠤᠯᠢ ᠨᠠᠢᠷᠠᠵᠤ ᠲᠣᠯᠢᠯᠠᠭᠤᠯᠤᠨᠠᠮ!  

         ᠬᠣᠶᠠᠷ 
 ᠪᠠᠢᠭᠠᠯ ᠳᠠᠯᠠᠢ ᠶ᠋ᠢᠨ ᠡᠪᠦᠷ 
 ᠪᠠᠷᠭᠤᠵᠢᠨ ᠭᠣᠣᠯ ᠤ᠋ᠨ ᠳᠡᠨᠵᠢ ᠠ᠋  
 ᠪᠠᠶᠠᠨ ᠥᠨᠢᠷ ᠲᠡᠩᠴᠡᠭᠰᠡᠨ 
 ᠪᠠᠶᠠᠯᠢᠭ ᠳᠥᠭᠥᠮ ᠦ᠋ᠨ ᠨᠤᠲᠤᠭ ᠠ᠋  
 ᠠᠯᠲᠠᠨ ᠬᠠᠢᠷᠰᠤᠲᠠᠢ ᠵᠢᠭᠠᠰᠤ  
 ᠠᠷᠯᠠᠬᠤ ᠳᠣᠯᠭᠢᠶᠠᠨ ᠳ᠋ᠤᠨᠢ ᠴᠣᠯᠭᠢᠭᠰᠠᠨ  
 ᠮᠥᠩᠭᠥᠨ ᠬᠤᠶᠠᠭ ᠲᠠᠢ ᠵᠢᠷᠠᠭᠠᠬᠠᠢ  
 ᠮᠥᠷᠭᠥ ᠬᠡᠯᠲᠡᠭᠡ ᠰᠦᠯᠵᠢᠭᠰᠡᠨ  
 ᠬᠥᠪᠴᠢ ᠶ᠋ᠢᠨ ᠥᠨᠳᠥᠷ ᠮᠣᠳᠣᠨ ᠳ᠋ᠤᠨᠢ  
 ᠬᠥᠬᠥᠭᠡ ᠭᠤᠷᠭᠤᠯᠳᠠᠢ ᠳᠣᠩᠭᠣᠳᠤᠭᠰᠠᠨ  
 ᠬᠥᠲᠥᠯ ᠴᠠᠢᠳᠠᠮ ᠬᠣᠭᠣᠯᠠᠢ ᠳ᠋ᠤᠨᠢ  
 ᠳᠡᠯᠡᠬᠡᠢ ᠶ᠋ᠢᠨ ᠭᠠᠢᠬᠠᠮᠰᠢᠭ ᠴᠡᠯᠭᠡᠷᠡᠭᠰᠡᠨ 
 ᠪᠤᠮᠪᠠ ᠶ᠋ᠢᠨ ᠰᠠᠢᠬᠠᠨ ᠣᠷᠣᠨ ᠰᠢᠭ᠋  
 ᠶᠢᠰᠦᠨ ᠥᠩᠭᠡ ᠶ᠋ᠢᠨ ᠰᠣᠯᠣᠩᠭ᠎ᠠ ᠲᠠᠢ  
 ᠪᠤᠷᠬᠠᠨ ᠤ᠋ ᠰᠠᠷᠠᠭᠤᠯ ᠣᠷᠳᠣᠨ ᠰᠢᠭ᠋  
 ᠨᠠᠷᠠ ᠵᠢᠷᠭᠠᠬᠤ ᠦᠭᠡᠢ ᠭᠠᠵᠠᠷ  
 ᠪᠠᠷᠭᠤ ᠶᠠᠰᠤᠲᠠᠨ ᠤ᠋ ᠡᠪᠦᠭᠡ  
 ᠪᠠᠷᠭᠤᠳᠠᠢ ᠮᠡᠷᠭᠡᠨ ᠭᠡᠳᠡᠭ 
 ᠪᠠᠶᠠᠷᠭᠤ ᠤᠭᠰᠠᠭ᠎ᠠ ᠪᠦᠷᠢᠯᠳᠦᠭᠡᠳ  
 ᠪᠠᠷᠭᠤᠵᠢᠨ ᠳᠥᠭᠥᠮ ᠳ᠋ᠦ᠍ ᠪᠠᠢᠵᠤ ᠭᠡᠨ᠎ᠡ᠃  
 ᠠᠩ ᠬᠦᠷᠦᠭᠡ ᠬᠢᠵᠦ 
 ᠠᠮᠢᠳᠤᠷᠠᠯ ᠬᠥᠷᠥᠩᠭᠡ ᠪᠡᠨ ᠪᠤᠰᠬᠠᠵᠠᠢ  
 ᠠᠷᠭᠠᠯᠢ ᠶᠠᠩᠭᠢᠷ ᠢ᠋ ᠨᠠᠮᠨᠠᠵᠤ  
 ᠠᠳᠠᠯ ᠠᠮᠢᠳᠤᠷᠠᠯ ᠢ᠋ᠶ᠋ᠠᠨ ᠡᠬᠢᠯᠡᠵᠡᠢ᠃  
 ᠪᠠᠷᠭᠤᠳᠠᠢ ᠮᠡᠷᠭᠡᠨ ᠦ᠌ ᠬᠦᠦ  
 ᠪᠠᠭ᠎ᠠ ᠵᠠᠯᠠᠭᠤ ᠬᠣᠷᠢᠲᠠᠢ 
 ᠰᠠᠭᠠᠳᠠᠭ ᠨᠤᠮᠤ ᠪᠠᠨ ᠠᠭᠰᠠᠨ  
 ᠰᠠᠷᠠᠯ ᠬᠦᠯᠦᠭ ᠢ᠋ᠶ᠋ᠡᠨ ᠤᠨᠤᠵᠤ  
 ᠪᠠᠢᠭᠠᠯ ᠳᠠᠯᠠᠢ ᠶ᠋ᠢᠨ ᠬᠥᠪᠡᠭᠡ ᠪᠡᠷ  
 ᠪᠠᠬᠠᠷᠬᠠᠨ ᠠᠵᠢᠭᠯᠠᠵᠤ ᠶᠠᠪᠤᠲᠠᠯ᠎ᠠ  
 ᠪᠠᠷᠠᠭᠤᠨ ᠬᠣᠢᠨ᠎ᠠ ᠵᠦᠭ ᠡᠴᠡ  
 ᠪᠠᠷᠠᠭᠠᠨ ᠡᠭᠦᠯᠡ ᠰᠡᠬᠦᠭᠳᠡᠵᠦ  
 ᠶᠢᠰᠦᠨ ᠢᠵᠢᠯᠬᠡᠨ ᠬᠤᠨ 
 ᠵᠠᠬ᠎ᠠ ᠲᠡᠳᠡᠨ ᠡᠩᠨᠡᠷᠡᠭᠡᠳ 
 ᠶᠡᠷᠦ ᠪᠤᠰᠤ ᠶ᠋ᠢᠨ ᠰᠣᠪᠢᠩ 
 ᠶᠢᠷᠲᠢᠨᠴᠦ ᠳ᠋ᠦ᠍ ᠭᠡᠨᠡᠳᠲᠡ ᠪᠠᠭᠤᠬᠤ ᠰᠢᠭ᠋  
 ᠨᠠᠭᠤᠷ ᠤ᠋ᠨ ᠳᠡᠭᠡᠭᠦᠷ ᠡᠷᠭᠢᠯᠳᠦᠵᠦ  
 ᠵᠡᠭᠡᠰᠦᠨ ᠦ᠌ ᠵᠠᠬ᠎ᠠ ᠳ᠋ᠤ᠌ ᠪᠠᠭᠤᠯ᠎ᠠ᠃  
 ᠨᠤᠭᠤᠨ ᠡᠬᠡ ᠶ᠋ᠢᠨ ᠦᠷ᠎ᠡ ᠰᠢᠭ  
 ᠶᠢᠰᠦᠨ ᠬᠡᠦᠬᠡᠨ ᠬᠤᠪᠢᠯᠤᠯ᠎ᠠ 
 ᠰᠠᠬᠠᠷᠠᠭᠰᠠᠨ ᠪᠤᠭᠤᠷᠤᠯ ᠳᠠᠪᠠᠯᠭᠠᠨ  
 ᠡᠬᠡ ᠶ᠋ᠢᠨ ᠬᠠᠢᠷ᠎ᠠ ᠪᠠᠷ ᠳᠠᠪᠠᠷᠠᠨ᠎ᠠ  
 ᠰᠠᠢᠬᠠᠨ ᠭᠤᠸ᠎ᠠ ᠬᠡᠦᠬᠡᠨᠴᠦᠳ  
 ᠰᠠᠨᠠᠭᠠᠨ ᠲᠠᠪᠠ ᠪᠠᠷ ᠱᠤᠩᠪᠠᠨ᠎ᠠ᠃  
 ᠳᠠᠢᠴᠢᠨ ᠪᠠᠭᠠᠲᠤᠷ ᠬᠣᠷᠢᠲᠠᠢ  
 ᠳᠠᠯᠳᠠ ᠨᠡᠭᠡᠭᠡᠪᠴᠢ ᠶ᠋ᠢ ᠠᠵᠢᠯ᠎ᠠ  
 ᠰᠠᠷᠠᠯ ᠮᠣᠷᠢ ᠪᠠᠨ ᠴᠢᠳᠥᠷᠯᠡᠭᠡᠳ  
 ᠰᠠᠭᠠᠳᠠᠭ ᠨᠤᠮᠤ ᠪᠠᠨ ᠮᠥᠷᠥᠯᠡᠯ᠎ᠡ  
 ᠶᠠᠭ ᠪᠠᠭᠤᠭᠰᠠᠨ ᠭᠠᠵᠠᠷ ᠨᠢ 
 ᠶᠠᠪᠠᠭᠠᠨ ᠠᠯᠬᠤᠯᠠᠵᠤ ᠣᠴᠢᠪᠠᠯ  
 ᠬᠤᠨ ᠤ᠋ ᠬᠠᠰ ᠬᠤᠪᠴᠠᠰᠤ 
 ᠬᠣᠶᠠᠷ ᠭᠤᠷᠪᠠ ᠪᠠᠷ ᠳᠡᠯᠭᠡᠭᠡᠰᠦᠲᠡᠢ  
 ᠦᠨᠡᠨ ᠬᠤᠳᠠᠯ ᠢ᠋ ᠨᠢ ᠲᠣᠳᠣᠯᠠᠬᠤ ᠪᠠᠷ  
 ᠥᠨᠥᠬᠢ ᠡᠴᠡ ᠨᠢᠭᠡ ᠶ᠋ᠢ ᠨᠢ ᠰᠤᠭᠤᠪᠴᠢᠯᠠᠭᠠᠳ 
 ᠬᠣᠯᠠᠬᠠᠨ ᠭᠠᠵᠠᠷ ᠢ᠋ ᠰᠣᠩᠭᠣᠵᠤ  
 ᠬᠣᠷᠭᠣᠳᠠᠨ ᠰᠠᠭᠤᠭᠠᠳ ᠬᠦᠯᠢᠶᠡᠯ᠎ᠡ᠃  
 ᠦᠳᠡ ᠶ᠋ᠢᠨ ᠨᠠᠷᠠ ᠬᠡᠯᠪᠡᠢᠭᠡᠳ  
 ᠥᠶᠥᠭ ᠰᠠᠯᠬᠢ ᠰᠡᠪᠡᠯᠵᠡᠬᠦ ᠳ᠋ᠦ᠍  
 ᠱᠤᠤᠭᠢᠵᠤ ᠨᠠᠭᠠᠳᠤᠭᠰᠠᠨ ᠬᠤᠨ  
 ᠴᠤᠭᠭᠠᠷ ᠡᠷᠭᠢ ᠳ᠋ᠦ᠍ ᠭᠠᠷᠤᠮᠠᠭᠴᠠ  
 ᠬᠤᠨ ᠬᠤᠪᠴᠠᠰᠤ ᠪᠠᠨ ᠡᠮᠦᠰᠴᠦ  
 ᠬᠣᠯᠠ ᠶ᠋ᠢ ᠵᠣᠷᠢᠨ ᠨᠢᠰᠦᠯ᠎ᠡ᠂ 
 ᠬᠣᠴᠣᠷᠴᠤ ᠨᠢᠭᠡ ᠨᠢ ᠦᠯᠡᠳᠡᠭᠡᠳ  
 ᠬᠣᠢᠨ᠎ᠠ ᠠ᠋ᠴᠠ ᠨᠢ ᠭᠠᠨᠢᠬᠠᠷᠠᠵᠤ ᠰᠠᠭᠤᠯ᠎ᠠ᠃ 
 ᠪᠠᠭᠠᠲᠤᠷ ᠮᠡᠷᠭᠡᠨ ᠬᠣᠷᠢᠲᠠᠢ  
 ᠪᠡᠶᠡᠴᠢᠯᠡᠵᠦ ᠬᠥᠯ ᠲᠠᠲᠠᠭᠠᠳ  
 ᠪᠠᠶᠠᠨ ᠥᠨᠢᠷ ᠢ᠋ ᠴᠢᠮᠡᠵᠦ 
 ᠪᠡᠶ᠎ᠡ ᠲᠡᠭᠰᠢ ᠪᠣᠯᠭᠠᠬᠤ 
 ᠠᠷᠢᠭᠤᠨ ᠴᠠᠭᠠᠪᠤᠷ ᠰᠡᠳᠬᠢᠯ  
 ᠠᠯᠲᠠᠨ ᠤᠷᠤᠭ ᠤ᠋ᠨ ᠬᠠᠳᠠᠭ ᠢ᠋ᠶ᠋ᠠᠷ 
 ᠠᠨᠳᠠᠭᠠᠢᠯᠠᠵᠤ ᠬᠦᠰᠡᠯ ᠢ᠋ᠶ᠋ᠡᠨ ᠬᠡᠯᠡᠬᠦ ᠳ᠋ᠦ᠍ 
 ᠠᠮᠢᠨᠴᠢᠯᠠᠵᠤ ᠤᠴᠢᠷ ᠢ᠋ᠶ᠋ᠠᠨ ᠲᠣᠭᠠᠴᠢᠬᠤ ᠳ᠋ᠤ᠌  
 ᠬᠣᠶᠠᠷ ᠨᠢᠳᠦ ᠨᠢ ᠵᠠᠢᠷᠮᠠᠭᠲᠤᠭᠰᠠᠨ  
 ᠬᠤᠨ ᠬᠡᠦᠬᠡᠨ ᠢᠰᠪᠡᠯᠵᠡᠭᠡᠳ  
 ᠲᠤᠯᠭ᠎ᠠ ᠶ᠋ᠢᠨ ᠭᠠᠯ ᠢ᠋ ᠨᠢ ᠨᠣᠴᠣᠭᠠᠵᠤ  
 ᠲᠤᠶᠠᠭᠠᠲᠤ ᠡᠷᠦᠬᠡ ᠶ᠋ᠢ ᠨᠢ ᠲᠠᠲᠠᠯ᠎ᠠ ᠭᠡᠳᠡᠭ᠂  
 ᠲᠡᠷᠡ ᠴᠠᠭ ᠠ᠋ᠴᠠ ᠡᠬᠢᠯᠡᠵᠦ 
 ᠲᠡᠭᠰᠢ ᠰᠠᠢᠬᠠᠨ ᠠᠮᠢᠳᠤᠷᠠᠬᠤ  
 ᠳᠡᠭᠡᠳᠦᠰ ᠦ᠋ᠨ ᠤᠳᠤᠮ ᠪᠦᠷᠢᠯᠳᠦᠵᠦ  
 ᠳᠡᠮᠪᠡᠷᠢᠯ ᠵᠠᠶᠠᠭ᠎ᠠ ᠲᠣᠭᠲᠠᠵᠤ  
 ᠪᠠᠷᠭᠤ ᠶ᠋ᠢᠨ ᠡᠭᠦᠰᠦᠯ ᠡᠰᠡᠨᠢᠵᠦ  
 ᠪᠠᠷᠭᠤᠵᠢᠨ ᠳᠥᠭᠥᠮ ᠴᠡᠯᠭᠡᠷᠡᠭᠡᠳ  
 ᠪᠠᠶᠠᠨ ᠥᠨᠢᠷ ᠬᠣᠣᠰᠯᠠᠵᠤ 
 ᠪᠠᠶᠠᠯᠢᠭ ᠣᠷᠣᠨ ᠥᠩᠭᠡᠵᠢᠭᠡᠳ  
 ᠳᠠᠢᠴᠢᠨ ᠪᠠᠭᠠᠲᠤᠷ ᠬᠠᠨᠠᠭᠠᠷ  
 ᠳᠠᠷᠬᠠᠨ ᠬᠠᠲᠤᠨ ᠲᠡᠨᠢᠭᠡᠷ 
 ᠳᠠᠯᠠᠢ ᠵᠢᠷᠭᠠᠯ ᠪᠢᠯᠬᠠᠮ᠎ᠠ 
 ᠳᠠᠶᠠᠭᠠᠷ ᠪᠠᠷᠭᠤ ᠲᠡᠨᠢᠭᠦᠨ᠃  
 
         ᠭᠤᠷᠪᠠ 
 ᠬᠤᠨ ᠭᠤᠸ᠎ᠠ ᠡᠬᠡ 
 ᠠᠷᠪᠠᠨ ᠨᠢᠭᠡᠨ ᠬᠥᠪᠡᠭᠦᠨ ᠲᠡᠢ  
 ᠬᠣᠲᠠᠯᠠ ᠳᠡᠯᠭᠡᠷ ᠦᠷᠡᠰ ᠨᠢ 
 ᠠᠪᠤ ᠶ᠋ᠢᠨ ᠭᠣᠯᠣᠮᠲᠠ ᠶ᠋ᠢ ᠮᠠᠨᠳᠤᠭᠠᠵᠠᠢ᠃  
 ᠤᠢᠳᠬᠠᠷ ᠭᠤᠨᠢᠭ ᠪᠣᠳᠣᠭᠳᠠᠬᠤ  
 ᠤᠷᠢᠬᠠᠨ ᠬᠠᠪᠤᠷ ᠤ᠋ᠨ ᠡᠳᠦᠷ  
 ᠣᠶᠣᠳᠠᠯ ᠤᠷᠠᠯᠠᠵᠤ ᠰᠠᠭᠤᠭᠰᠠᠨ  
 ᠤᠬᠠᠭᠠᠨᠲᠤ ᠬᠤᠨ ᠬᠠᠲᠤᠨ ᠨᠢ 
 《 ᠬᠤᠨ ᠬᠤᠪᠴᠠᠰᠤ ᠶ᠋ᠢ ᠮᠢᠨᠢ ᠭᠠᠷᠭᠠᠭᠠᠴᠢ 
 ᠬᠤᠪᠴᠠᠰᠤᠯᠠᠵᠤ ᠪᠢ ᠦᠵᠡᠶ᠎ᠡ》 ᠭᠡᠯ᠎ᠡ᠂ 
 ᠲᠣᠭᠣᠭᠠᠨ ᠤ᠋ ᠪᠠᠷᠢᠭᠤᠯ ᠢ᠋ ᠠᠳᠬᠤᠵᠤ  
 ᠲᠤᠯᠭ᠎ᠠ ᠳ᠋ᠤ᠌ ᠲᠦᠯᠡᠰᠢ ᠨᠡᠮᠡᠭᠡᠳ  
 ᠲᠣᠭᠲᠠᠭᠤᠨ ᠵᠠᠩ ᠲᠠᠢ ᠬᠣᠷᠢᠲᠠᠢ 
 ᠲᠤᠩᠭᠠᠭᠠᠵᠤ ᠰᠠᠢᠬᠠᠨ ᠰᠡᠳᠬᠢᠪᠡᠯ  
 ᠦᠷ᠎ᠡ ᠪᠡᠶᠡᠲᠡᠢ ᠪᠣᠯᠭᠠᠭᠰᠠᠨ ᠨᠢ  
 ᠥᠷᠯᠥᠭ ᠬᠠᠲᠤᠨ ᠤ᠋ ᠭᠠᠪᠢᠶ᠎ᠠ ᠶᠤᠮ  
 ᠥᠨᠥ ᠪᠢ ᠬᠠᠷᠠᠳᠠᠬᠤ ᠶᠠᠭᠤ  
 ᠦᠵᠡᠭᠦᠯᠵᠦ ᠥᠭᠭᠦᠶ᠎ᠡ᠂ ᠬᠥᠭᠡᠷᠦᠬᠦᠢ ᠭᠡᠳ  
 ᠤᠨᠠᠭᠠᠨ ᠬᠠᠢᠷ᠎ᠠ ᠶ᠋ᠢ ᠶᠡᠭᠦᠯᠡᠭᠰᠡᠨ  
 ᠣᠨᠢᠰᠣᠲᠠᠢ ᠣᠶᠤᠩᠭᠤ ᠠᠪᠳᠠᠷ᠎ᠠ ᠠ᠋ᠴᠠ  
 ᠣᠷᠬᠣᠳᠠᠢ ᠬᠤᠪᠴᠠᠰᠤ ᠶ᠋ᠢ ᠨᠢ ᠭᠠᠷᠭᠠᠵᠤ 
 ᠤᠷᠢᠲᠠᠢ ᠨᠢ ᠲᠠᠯᠪᠢᠭᠠᠳ ᠣᠷᠬᠢᠯ᠎ᠠ᠃  
 ᠲᠦᠷ ᠲᠠᠷ ᠴᠢᠮᠡᠭᠡ ᠭᠠᠷᠴᠤ  
 ᠲᠦᠳᠡᠬᠡᠨ ᠬᠤᠨ ᠬᠤᠪᠢᠯᠤᠭᠠᠳ  
 ᠲᠣᠲᠣᠭᠣ ᠪᠠᠷ ᠭᠠᠷᠬᠤ ᠭᠡᠲᠡᠯ᠎ᠡ 
 《 ᠬᠥᠶᠢ ᠬᠥᠶᠢ ᠪᠣᠯᠢᠭᠠᠴᠢ!》 ᠭᠡᠵᠦ   
 ᠬᠦ ᠪᠣᠯᠤᠭᠰᠠᠨ ᠭᠠᠷ ᠢ᠋ᠶ᠋ᠠᠷ ᠢ᠋ᠶ᠋ᠠᠨ  
 ᠬᠥᠯ ᠡᠴᠡ ᠨᠢ ᠪᠠᠷᠢᠵᠤ ᠵᠣᠭᠰᠣᠭᠠᠭᠠᠳ  
 ᠬᠦᠰᠡᠬᠦ ᠦᠭᠡ ᠪᠡᠨ ᠬᠡᠯᠡᠵᠦ ᠭᠡᠨ᠎ᠡ᠃
 《 ᠲᠥᠷᠬᠥᠮ ᠳ᠋ᠡᠭᠡᠨ ᠬᠠᠷᠢᠬᠤ ᠨᠢ ᠶᠣᠰᠣ 
 ᠲᠥᠷᠥᠭᠰᠡᠨ ᠦᠷ᠎ᠡ ᠳ᠋ᠡᠭᠡᠨ 
 ᠨᠡᠷ᠎ᠡ ᠣᠪᠣᠭ ᠢ᠋ ᠨᠢ ᠬᠠᠢᠷᠠᠯᠠᠵᠤ᠂  
 ᠨᠠᠰᠤ ᠵᠢᠯ ᠢ᠋ ᠨᠢ ᠣᠯᠭᠣᠭᠠᠴᠢ!》 ᠭᠡᠪᠡᠯ 
 ᠲᠣᠲᠣᠭᠣ ᠲᠤᠯᠤᠭᠰᠠᠨ ᠭᠡᠷ ᠦ᠋ᠨ  
 ᠲᠣᠭᠣᠨᠣ ᠶ᠋ᠢᠨ ᠳᠡᠭᠡᠭᠦᠷ ᠡᠷᠭᠢᠭᠡᠳ  
 ᠲᠣᠳᠣᠬᠠᠨ ᠢᠷᠠᠭᠤ ᠳᠠᠭᠤᠨ ᠢ᠋ᠶ᠋ᠠᠷ  
 ᠲᠣᠭᠲᠠᠬᠤ ᠢᠷᠦᠭᠡᠯ ᠲᠠᠯᠪᠢᠵᠠᠢ᠄ 
 《 ᠭᠠᠷ ᠲᠠᠭᠠᠨ ᠤᠷᠠᠨ ᠭᠠᠯᠵᠤᠳ* ᠬᠦᠦ ᠮᠢᠨᠢ 
 ᠬᠥᠮᠦᠨ ᠲᠡᠢ ᠡᠶᠡᠯᠳᠡᠭ ᠬᠦᠪᠳᠦᠳ ᠬᠦᠦ ᠮᠢᠨᠢ 
 ᠬᠣᠭᠰᠢᠯ ᠢ᠋ ᠡᠷᠬᠢᠮᠨᠡᠬᠦ ᠬᠤᠸᠠᠰᠠᠢ ᠬᠦᠦ ᠮᠢᠨᠢ 
 ᠬᠠᠮᠤᠭ ᠢ᠋ ᠪᠣᠳᠣᠬᠤ ᠬᠠᠯᠪᠢᠨ ᠬᠦᠦ ᠮᠢᠨᠢ  
 ᠪᠠᠲᠤ ᠵᠢᠷᠤᠮᠲᠠᠢ ᠪᠠᠲᠤᠨᠠᠢ ᠬᠦᠦ ᠮᠢᠨᠢ 
 ᠬᠣᠲᠠ ᠪᠠᠨ ᠪᠠᠶᠠᠵᠢᠭᠤᠯᠬᠤ ᠬᠤᠳᠠᠢ ᠬᠦᠦ ᠮᠢᠨᠢ  
 ᠬᠣᠯᠠ ᠶ᠋ᠢ ᠵᠣᠷᠢᠬᠤ ᠬᠤᠰᠢᠭᠤᠳ ᠬᠦᠦ ᠮᠢᠨᠢ 
 ᠴᠠᠭ᠎ᠠ ᠶ᠋ᠢᠨ ᠡᠵᠡᠨ ᠴᠠᠭᠠᠩᠭᠤᠳ ᠬᠦᠦ ᠮᠢᠨᠢ 
 ᠱᠠᠰᠲᠢᠷ ᠤ᠋ᠨ ᠨᠣᠶᠠᠨ ᠱᠠᠷᠠᠢᠳ ᠬᠦᠦ ᠮᠢᠨᠢ 
 ᠪᠣᠳᠣᠯᠭ᠎ᠠ ᠬᠡᠴᠡᠭᠦᠦ ᠪᠣᠳᠤᠩᠭᠤᠳ ᠬᠦᠦ ᠮᠢᠨᠢ 
 ᠬᠠᠮᠤᠭ ᠢ᠋ ᠵᠠᠬᠢᠷᠬᠤ ᠬᠠᠷᠭᠠᠨ᠎ᠠ ᠬᠦᠦ ᠮᠢᠨᠢ  
 ᠬᠠᠯᠠ ᠣᠪᠣᠭ ᠢ᠋ᠶ᠋ᠠᠨ ᠮᠠᠨᠳᠤᠭᠤᠯᠬᠤ ᠬᠠᠢᠷᠠᠯᠠᠯᠲᠠᠢ ᠬᠥᠪᠡᠭᠦᠳ ᠮᠢᠨᠢ  
 ᠡᠴᠢᠭᠡ ᠳᠡᠭᠡᠳᠦ ᠪᠡᠨ ᠬᠦᠨᠳᠦᠯᠡᠵᠦ  
 ᠡᠷᠦᠬᠡ ᠭᠡᠷ ᠢ᠋ᠶ᠋ᠡᠨ ᠪᠣᠰᠬᠠᠭᠠᠷᠠᠢ!  
 ᠠᠬᠠᠮᠠᠳ ᠨᠠᠰᠤᠲᠠᠨ ᠢ᠋ᠶ᠋ᠠᠨ ᠠᠰᠠᠷᠠᠵᠤ  
 ᠠᠬ᠎ᠠ ᠳᠡᠭᠦᠦ ᠨᠠᠷ ᠢ᠋ᠶ᠋ᠠᠨ ᠳᠡᠮᠵᠢᠭᠡᠷᠡᠢ!  
 ᠦᠶ᠎ᠡ ᠶ᠋ᠢᠨ ᠦᠶ᠎ᠡ ᠳ᠋ᠦ᠍ ᠥᠭᠡᠳᠡᠯᠡᠵᠦ  
 ᠥᠨᠢᠷ ᠲᠡᠭᠰᠢ ᠵᠢᠷᠭ᠎ᠠ!  
 ᠰᠠᠢᠨ ᠰᠠᠢᠬᠠᠨ ᠣᠨᠳᠣᠷᠣᠵᠤ  
 ᠰᠠᠢᠨ ᠤ᠋ ᠥᠯᠵᠡᠢ ᠣᠷᠣᠰᠢᠭ!》 ᠭᠡᠵᠦ 
 ᠰᠠᠨᠠᠭᠰᠠᠨ ᠵᠣᠷᠢᠯᠭ᠎ᠠ ᠪᠠᠨ ᠪᠡᠶᠡᠯᠡᠭᠦᠯᠵᠦ  
 ᠬᠦᠰᠡᠭᠰᠡᠨ ᠵᠣᠷᠢᠭ ᠢ᠋ᠶ᠋ᠠᠨ ᠭᠦᠢᠴᠡᠳᠬᠡᠭᠡᠳ  
 ᠨᠠᠴᠤᠭ ᠡᠷᠳᠡᠨᠢ ᠶ᠋ᠢᠨ ᠲᠣᠭᠣᠨᠣ ᠪᠠᠨ ᠮᠢᠯᠢᠶᠠᠵᠤ 
 ᠨᠠᠷᠠᠨ ᠵᠥᠪ ᠭᠤᠷᠪᠠ ᠡᠷᠭᠢᠭᠡᠳ  
 ᠣᠭᠲᠠᠷᠭᠤᠢ ᠶ᠋ᠢᠨ ᠭᠦᠨ ᠳ᠋ᠦ᠍ ᠳᠡᠪᠳᠡᠷᠢᠨ  
 ᠣᠷᠴᠢᠯᠠᠩ ᠤ᠋ᠨ ᠠᠭᠤᠳᠠᠮ ᠳ᠋ᠤ᠌ ᠵᠢᠵᠢᠭᠷᠡᠵᠡᠢ᠃ 
 ᠬᠣᠪᠳᠣᠯ ᠵᠢᠷᠦᠬᠡᠨ ᠳ᠋ᠦ᠍ ᠬᠣᠨᠣᠭᠰᠢᠭᠰᠠᠨ  
 ᠬᠤᠨ ᠰᠢᠪᠠᠭᠤᠨ ᠤ᠋ ᠳᠡᠪᠳᠡᠷᠢᠯᠲᠡ ᠳ᠋ᠦ᠍  
 ᠪᠠᠢᠭᠠᠯ ᠳᠠᠯᠠᠢ ᠶ᠋ᠢᠨ ᠬᠥᠪᠡᠭᠡ  
 ᠪᠠᠷᠭᠤᠵᠢᠨ ᠳᠥᠭᠥᠮ ᠦ᠋ᠨ ᠨᠤᠲᠤᠭ ᠲᠤ  
 ᠪᠠᠷᠭᠤᠳᠠᠢ ᠮᠡᠷᠭᠡᠨ ᠦ᠌ ᠬᠥᠪᠡᠭᠦᠨ  
 ᠠᠷᠪᠠᠨ ᠨᠢᠭᠡᠨ ᠣᠪᠣᠭᠲᠠᠨ 
 ᠪᠦᠷᠢᠳᠴᠦ ᠥᠨᠢᠷ ᠲᠣᠭᠲᠠᠵᠠᠢ  
 ᠪᠦᠷᠢᠨ ᠤᠭᠰᠠᠭ᠎ᠠ ᠡᠭᠦᠰᠴᠡᠢ᠃ 

        ᠳᠥᠷᠪᠡ   
 ᠠᠷᠪᠠᠨ ᠨᠢᠭᠡᠨ ᠬᠥᠪᠡᠭᠦᠳ ᠦ᠋ᠨ  
 ᠠᠰᠠᠵᠤ ᠳᠦᠷᠡᠯᠵᠡᠭᠰᠡᠨ ᠭᠣᠯᠣᠮᠲᠠ ᠠ᠋ᠴᠠ  
 ᠤᠭᠰᠠᠭ᠎ᠠ ᠶᠠᠰᠤᠲᠠᠨ ᠳᠡᠭᠵᠢᠷᠡᠭᠡᠳ  
 ᠤᠳᠤᠮ ᠭᠡᠷ ᠣᠷᠣᠮᠯᠠᠯ᠎ᠠ᠂ 
 ᠬᠤᠨ ᠰᠢᠪᠠᠭᠤᠨ ᠤ᠋ ᠡᠩᠨᠡᠭᠡ 
 ᠬᠣᠯᠠ ᠭᠠᠵᠠᠷ ᠤ᠋ᠨ ᠴᠤᠤᠷᠠᠢ 
 ᠬᠣᠩᠭᠣᠷ ᠵᠢᠷᠦᠬᠡᠨ ᠦ᠌ ᠬᠣᠯᠪᠣᠭᠠᠰᠤ  
 ᠬᠣᠢᠴᠢ ᠮᠠᠨ ᠤ᠋ ᠳᠤᠤᠨᠢᠯ 
 ᠬᠥᠬᠡ ᠮᠥᠩᠭᠥᠨ ᠲᠩᠷᠢ ᠪᠡᠷ  
 ᠬᠥᠲᠥᠴᠢ ᠵᠠᠯᠭᠠᠭᠰᠠᠨ ᠵᠠᠮᠨᠠᠯ  
 ᠬᠥᠷᠥᠰᠥᠲᠦ ᠠᠯᠲᠠᠨ ᠳᠡᠯᠡᠬᠡᠢ ᠳ᠋ᠦ᠍  
 ᠬᠦᠰᠡᠯ ᠡᠭᠦᠷᠦᠭᠰᠡᠨ ᠳᠠᠭᠤᠯᠠᠯ  
 ᠰᠠᠭᠠᠯᠢ ᠳᠡᠭᠡᠵᠢᠯᠡᠭᠰᠡᠨ ᠮᠠᠯᠴᠢᠨ ᠤ᠋  
 ᠰᠠᠴᠤᠯᠢ ᠡᠷᠭᠦᠭᠰᠡᠨ ᠢᠷᠦᠭᠡᠯ  
 ᠴᠠᠩ ᠪᠤᠭᠤᠷᠤᠯ ᠨᠠᠰᠤᠲᠠᠨ ᠤ᠋  
 ᠰᠠᠷᠠᠪᠴᠢᠯᠠᠵᠤ ᠡᠨᠡᠷᠢᠭᠰᠡᠨ ᠵᠥᠩᠨᠡᠯ  
 ᠭᠣᠯᠣᠮᠲᠠ ᠳ᠋ᠤ᠌ ᠮᠥᠷᠭᠥᠭᠰᠡᠨ ᠪᠡᠷᠢ 
 ᠬᠣᠷᠮᠣᠢ ᠳᠡᠪᠢᠰᠬᠦ ᠨᠢ ᠲᠤᠤᠯᠢᠰ  
 ᠭᠤᠤᠭᠯᠠᠬᠤ ᠢᠷᠠᠭᠤ ᠨᠠᠮᠢᠶᠠᠨ  
 ᠰᠢᠲᠦᠯᠭᠡ ᠪᠣᠯᠬᠤ ᠨᠢ ᠳᠠᠭᠤᠷᠢᠰᠤᠯ  
 ᠤᠭᠤᠷᠠᠭ ᠰᠦᠨ ᠳ᠋ᠦ᠍ ᠰᠢᠮᠡᠵᠢᠭᠰᠡᠨ  
 ᠣᠷᠬᠣᠳᠠᠢ ᠪᠡᠶ᠎ᠡ ᠶ᠋ᠢᠨ ᠴᠣᠭᠴᠠ  
 ᠣᠴᠢᠨ ᠬᠣᠶᠠᠷ ᠨᠢᠳᠦᠨ ᠳ᠋ᠦ᠍ 
 ᠤᠰᠤᠨ ᠪᠣᠯᠣᠷ ᠨᠢᠯᠪᠤᠰᠤ 
 ᠭᠠᠩᠭᠠᠷ ᠭᠣᠩᠭᠣᠷ ᠳᠠᠭᠤᠨ  
 ᠤᠶᠠᠷᠠᠭᠤᠨ ᠪᠠᠢᠭᠰᠠᠨ ᠨᠢ ᠡᠯᠢᠭᠡ  
 ᠭᠠᠵᠠᠷ ᠤ᠋ᠨ ᠲᠦᠪᠰᠢᠨ ᠢ᠋ ᠰᠢᠷᠲᠡᠭᠡᠳ  
 ᠡᠷᠭᠢᠵᠦ ᠪᠠᠢᠭᠰᠠᠨ ᠨᠢ ᠵᠢᠷᠦᠬᠡ  
 ᠤᠤᠵᠢ ᠲᠠᠲᠠᠭᠤᠷᠲᠤ ᠡᠵᠢ ᠶ᠋ᠢᠨ  
 ᠤᠷᠢᠳᠤ ᠲᠥᠷᠥᠯ ᠦ᠋ᠨ ᠪᠦᠷᠢᠯᠸ᠎ᠠ  
 ᠣᠪᠣᠭ ᠨᠢᠭᠡᠲᠦ ᠬᠦᠢ ᠶ᠋ᠢᠨ 
 ᠤᠭ ᠢ᠋ ᠲᠣᠳᠣᠯᠠᠭᠰᠠᠨ ᠲᠥᠷᠬᠦ  
 ᠳᠣᠮᠣᠭ ᠦᠯᠢᠭᠡᠷ ᠲᠤ ᠰᠢᠮᠡᠳᠬᠡᠭᠰᠡᠨ  
 ᠳᠤᠷᠠᠳᠬᠠᠯ ᠶᠠᠷᠢᠶᠠᠨ ᠤ᠋ ᠬᠦᠮᠦᠭ  
 ᠪᠠᠷᠭᠤᠳᠠᠢ ᠮᠡᠷᠭᠡᠨ ᠦ᠌ ᠴᠠᠳᠢᠭᠯᠠᠭᠰᠠᠨ  
 ᠪᠠᠷᠭᠤ ᠶᠠᠰᠤᠲᠠᠨ ᠤ᠋ ᠲᠤᠤᠯᠢ ᠶ᠋ᠢ  
 ᠪᠠᠢᠭᠠᠯ ᠳᠠᠯᠠᠢ ᠶ᠋ᠢ ᠲᠦᠰᠢᠭᠰᠡᠨ  
 ᠪᠠᠶᠠᠨ ᠳᠥᠭᠥᠮ ᠡᠩᠭᠡᠷᠯᠡᠭᠰᠡᠨ  
 ᠪᠠᠷᠭᠤᠵᠢᠨ ᠭᠣᠣᠯ ᠤ᠋ᠨ ᠤᠷᠤᠰᠬᠠᠯ ᠳ᠋ᠤ᠌  
 ᠪᠠᠳᠠᠭᠲᠤ ᠨᠠᠢᠷᠠᠭ ᠣᠩᠭᠣᠯᠠᠭᠠᠳ  
 ᠲᠡᠦᠬᠡ ᠨᠡᠢᠭᠡᠮ ᠦ᠋ᠨ ᠬᠡᠮᠵᠢᠶᠡᠨ ᠳ᠋ᠦ᠍  
 ᠲᠥᠬᠥᠷ ᠪᠦᠲᠦᠨ ᠢ᠋ ᠪᠦᠷᠢᠳᠬᠡᠨᠡᠮ!  
 ᠲᠦᠮᠡᠨ ᠣᠨ ᠤ᠋ ᠲᠣᠭᠠᠯᠠᠯ ᠳ᠋ᠤ᠌  
 ᠲᠤᠤᠯᠢ ᠬᠠᠢᠯᠠᠵᠤ ᠡᠷᠭᠦᠨᠡᠮ! 

   ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 15 ~17