ᠳᠡᠭᠡᠳᠦᠯᠡᠶ᠎ᠡ-ᠤᠯᠠᠭᠠᠨᠲᠤᠶᠠᠭ᠎ᠠДээдэлье-Улаантуяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠭᠡᠳᠦᠯᠡᠶ᠎ᠡ-ᠤᠯᠠᠭᠠᠨᠲᠤᠶᠠᠭ᠎ᠠДээдэлье-Улаантуяа

ᠳᠡᠭᠡᠳᠦᠯᠡᠶ᠎ᠡ-ᠤᠯᠠᠭᠠᠨᠲᠤᠶᠠᠭ᠎ᠠДээдэлье-Улаантуяа

2024-04-23

349

ᠳᠡᠭᠡᠳᠦᠯᠡᠶ᠎ᠡ

    ᠤᠯᠠᠭᠠᠨᠲᠤᠶᠠᠭ᠎ᠠ 
ᠦᠨᠳᠦᠰᠦᠲᠡᠨ ᠳ᠋ᠡᠭᠡᠨ ᠬᠠᠢᠷᠠᠲᠠᠢ ᠪᠣᠯᠬᠣᠷ 
ᠦᠭᠡ ᠬᠡᠯᠡ ᠪᠡᠨ ᠳᠡᠭᠡᠳᠦᠯᠡᠶ᠎ᠡ 
ᠦᠭᠡ ᠬᠡᠯᠡ ᠳ᠋ᠡᠭᠡᠨ ᠬᠠᠢᠷᠠᠲᠠᠢ ᠪᠣᠯᠬᠣᠷ 
ᠦᠰᠦᠭ ᠪᠢᠴᠢᠭ ᠢ᠋ᠶ᠋ᠡᠨ ᠳᠡᠭᠡᠳᠦᠯᠡᠶ᠎ᠡ 

ᠲᠠᠯ᠎ᠠ ᠨᠤᠲᠤᠭ ᠲᠤ ᠪᠠᠨ ᠬᠠᠢᠷᠠᠲᠠᠢ ᠪᠣᠯᠬᠣᠷ 
ᠪᠠᠢᠭᠠᠯᠢ ᠳᠡᠯᠡᠬᠡᠢ ᠶ᠋ᠢᠨ ᠳᠡᠭᠡᠳᠦᠯᠡᠶ᠎ᠡ 
ᠲᠠ ᠪᠦᠬᠦᠨ ᠳ᠋ᠡᠭᠡᠨ ᠬᠠᠢᠷᠠᠲᠠᠢ ᠪᠣᠯᠬᠣᠷ 
ᠢᠲᠡᠭᠡᠯ ᠰᠡᠳᠬᠢᠯ ᠢ᠋ᠶ᠋ᠡᠨ ᠳᠡᠭᠡᠳᠦᠯᠡᠶ᠎ᠡ 

ᠪᠣᠰᠤᠭ᠎ᠠ ᠮᠣᠩᠭᠣᠯ ᠦᠰᠦᠭ ᠢ᠋ᠶ᠋ᠡᠨ
ᠪᠤᠷᠬᠠᠨ ᠠᠳᠠᠯᠢ ᠳᠡᠭᠡᠳᠦᠯᠡᠶ᠎ᠡ
ᠪᠤᠰᠤᠳ ᠲᠤ ᠪᠠᠢᠬᠤ ᠦᠭᠡᠢ ᠡᠷᠳᠡᠨᠢ ᠰᠢᠦ
ᠪᠦᠭᠦᠳᠡ ᠪᠦᠭᠦᠳᠡᠭᠡᠷ ᠢ᠋ᠶ᠋ᠡᠨ ᠳᠡᠭᠡᠳᠦᠯᠡᠶ᠎ᠡ!
             2024.4.19 ᠳ᠋ᠦ᠍
   ᠦᠰᠦᠭ ᠠᠮᠢᠯᠠᠭᠤᠯᠤᠭᠴᠢ᠄ ᠣᠳᠬᠠᠨᠰᠣ᠎ᠠ