ᠮᠣᠩᠭᠣᠯ ᠮᠣᠷᠢ-ᠬᠠᠰᠠᠭᠤᠯᠠ Монгол морь-Хасуул
ᠮᠣᠩᠭᠣᠯ ᠮᠣᠷᠢ
ᠬᠠᠰᠠᠭᠤᠯᠠ
ᠡᠷᠲᠡᠨ ᠦ᠌ ᠪᠤᠭᠤᠷᠤᠯ ᠲᠡᠦᠬᠡ ᠶ᠋ᠢᠨ ᠦᠨᠡᠨ ᠢ᠋
ᠡᠷᠡᠮᠡᠬᠡᠢ ᠰᠢᠨᠳᠠᠰᠤ ᠪᠠᠷ ᠢ᠋ᠶ᠋ᠠᠨ ᠠᠴᠢᠶᠠᠯᠠᠨ ᠳᠠᠪᠬᠢᠭᠰᠠᠨ
ᠡᠵᠡᠨ ᠦ᠌ ᠬᠥᠬᠡ ᠨᠤᠲᠤᠭ ᠤ᠋ᠨ ᠠᠭᠠᠷ ᠢ᠋
ᠡᠶᠡᠯᠳᠡᠭ ᠵᠠᠩ ᠢ᠋ᠶ᠋ᠠᠷ ᠢ᠋ᠶ᠋ᠠᠨ ᠦᠦᠷᠰᠡᠨ ᠪᠠᠶᠠᠰᠬᠠᠭᠰᠠᠨ
ᠬᠦᠴᠦᠲᠦ ᠳᠣᠷᠪᠢᠯᠢᠭ ᠨᠢᠷᠤᠭᠤᠨ ᠳᠡᠭᠡᠷ᠎ᠡ ᠪᠡᠨ
ᠬᠥᠮᠦᠨ ᠵᠤᠨ ᠤ᠋ ᠬᠡᠢᠮᠣᠷᠢ ᠶ᠋ᠢ ᠰᠡᠷᠭᠦᠭᠰᠡᠨ
ᠨᠠᠮᠢᠷᠠᠨ ᠪᠣᠰᠤᠭᠰᠠᠨ ᠲᠣᠷᠭᠠᠨ ᠳᠡᠯ ᠳ᠋ᠡᠭᠡᠨ
ᠨᠠᠷᠠᠯᠠᠭ ᠬᠣᠷᠸ᠎ᠠ ᠶ᠋ᠢᠨ ᠰᠠᠯᠬᠢ ᠶ᠋ᠢ ᠡᠷᠴᠢᠯᠡᠭᠰᠡᠨ
ᠲᠦᠮᠡᠨ ᠭᠠᠵᠠᠷ ᠤ᠋ᠨ ᠠᠶᠠᠨ ᠤ᠋ ᠡᠪᠬᠡᠬᠦ ᠳ᠋ᠦ᠍
ᠴᠠᠬᠢᠯᠵᠤ ᠢᠰᠬᠡᠷᠦᠭᠰᠡᠨ ᠲᠩᠷᠢ ᠶ᠋ᠢᠨ ᠴᠠᠬᠢᠯᠭᠠᠨ
ᠳᠥᠷᠥᠭᠡ ᠵᠢᠭᠢᠬᠦ ᠳ᠋ᠦ᠍ ᠬᠤᠷᠳᠤ ᠪᠠᠨ ᠭᠠᠢᠬᠠᠭᠤᠯᠤᠭᠰᠠᠨ
ᠴᠡᠩᠬᠡᠷ ᠲᠠᠮᠠᠭ᠎ᠠ ᠲᠠᠢ ᠭᠠᠵᠠᠷ ᠤ᠋ᠨ ᠰᠢᠭᠤᠷᠭ᠎ᠠ
ᠠᠯᠤᠰ ᠲᠡᠷᠲᠡᠭᠡ ᠬᠣᠯᠠ ᠶ᠋ᠢᠨ ᠵᠠᠭᠤᠨ ᠠ᠋ᠴᠠ
ᠣᠷᠴᠢᠯᠠᠩ ᠢ᠋ ᠰᠡᠷᠭᠦᠭᠡᠨ ᠣᠮᠣᠭᠯᠠᠩ ᠴᠣᠪᠬᠣᠴᠢᠭᠰᠠᠨ
ᠣᠮᠣᠭ ᠲᠡᠭᠦᠯᠳᠡᠷ ᠳᠡᠭᠦᠯᠢᠬᠦ ᠳᠠᠪᠬᠢᠭᠠᠨ ᠳ᠋ᠠᠭᠠᠨ
ᠠᠷᠢᠭᠤᠨ ᠰᠣᠶᠣᠯ ᠢ᠋ᠶ᠋ᠠᠨ ᠲᠣᠪᠴᠢᠶᠠᠯᠠᠨ ᠠᠴᠢᠭᠰᠠᠨ
ᠲᠡᠢᠨ ᠪᠠᠢᠯᠳᠤᠭᠠᠨ ᠳ᠋ᠤ᠌ ᠬᠤᠯᠮᠠᠢᠨ ᠤᠬᠤᠷᠢᠬᠤ ᠦᠭᠡᠢ
ᠲᠩᠷᠢ ᠶ᠋ᠢᠨ ᠠᠶᠤᠩᠭ᠎ᠠ ᠲᠣᠭᠰᠢᠨ ᠴᠤᠤᠷᠢᠶ᠎ᠠ
ᠳᠠᠢᠰᠤᠨ ᠤ᠋ ᠭᠠᠷ ᠲᠤ᠌ ᠡᠵᠡᠨ ᠢ᠋ᠶ᠋ᠡᠨ ᠬᠠᠶᠠᠬᠤ ᠦᠭᠡᠢ
ᠳᠡᠷᠭᠡᠳᠡ ᠨᠢ ᠬᠠᠨᠢ ᠳᠡᠯ ᠲᠡᠢ ᠨᠥᠬᠥᠷ
ᠲᠥᠷᠥ ᠭᠦᠷᠦᠨ ᠳ᠋ᠡᠭᠡᠨ ᠵᠢᠳᠬᠦᠯ ᠦᠵᠡᠭᠦᠯᠦᠭᠰᠡᠨ
ᠵᠢᠪᠬᠤᠭᠠᠲᠤ ᠴᠠᠭ ᠤ᠋ᠨ ᠡᠷᠴᠢ ᠰᠢᠨᠳᠠᠰᠤ
ᠲᠦᠮᠡᠨ ᠣᠯᠠᠨ ᠳ᠋ᠠᠭᠠᠨ ᠱᠠᠭᠰᠢᠯ ᠪᠣᠯᠤᠭᠰᠠᠨ
ᠵᠢᠷᠭᠠᠯᠠᠩᠲᠤ ᠠᠮᠢᠳᠤᠷᠠᠯ ᠤ᠋ᠨ ᠮᠥᠩᠬᠡ ᠶ᠋ᠢᠨ ᠠᠯᠳᠠᠷ
ᠳᠡᠭᠵᠢᠷᠡᠬᠦ ᠦᠢᠯᠡᠰ ᠲᠦ᠍ ᠬᠦᠴᠦ ᠪᠡᠨ ᠥᠭᠭᠦᠭᠰᠡᠨ
ᠲᠦᠪᠰᠢᠨ ᠡᠷᠢᠨ ᠦ᠌ ᠲᠣᠷᠭᠠᠨ ᠵᠢᠯᠣᠭᠣ
ᠡᠩᠬᠡ ᠲᠠᠢᠪᠤᠩ ᠤ᠋ᠨ ᠬᠡᠢᠮᠣᠷᠢ ᠳᠠᠯᠠᠯᠤᠭᠰᠠᠨ
ᠡᠭᠦᠯᠡᠨ ᠬᠡ ᠲᠡᠢ ᠲᠤᠤᠯᠠ ᠶ᠋ᠢᠨ ᠠᠳᠤᠭᠤᠳ
ᠬᠤᠭᠤᠷ ᠤ᠋ᠨ ᠲᠡᠷᠢᠭᠦᠨ ᠳ᠋ᠦ᠍ ᠬᠠᠳᠠᠭ ᠲᠠᠢ ᠵᠠᠯᠠᠷᠠᠭᠰᠠᠨ
ᠬᠤᠪᠢᠯᠭᠠᠨ ᠵᠢᠭᠦᠷᠲᠦ ᠰᠢᠪᠠᠭᠤᠨ ᠰᠠᠷᠠᠯ
ᠤᠯᠤᠰ ᠣᠷᠣᠨ ᠤ᠋ ᠪᠠᠨ ᠠᠯᠳᠠᠷ ᠢ᠋ ᠡᠷᠭᠦᠭᠰᠡᠨ
ᠤᠶᠠᠩᠭ᠎ᠠ ᠶ᠋ᠢᠨ ᠲᠦᠷᠡᠯᠭᠡ ᠲᠡᠢ ᠮᠣᠯᠣᠷ ᠡᠷᠳᠡᠨᠢ
ᠰᠢᠯᠢᠳᠡᠭ ᠤᠯᠠᠮᠵᠢᠯᠠᠯᠲᠤ ᠮᠣᠩᠭᠣᠯ ᠮᠣᠷᠢᠨ ᠤ᠋
ᠰᠢᠨᠳᠠᠰᠤ ᠬᠠᠲᠠᠭᠤ ᠵᠢᠷᠤᠭ ᠰᠠᠨᠠᠭ᠎ᠠ
ᠰᠢᠨ᠎ᠡ ᠴᠠᠭ ᠤ᠋ᠨ ᠬᠦᠷᠳᠦ ᠶ᠋ᠢ ᠲᠦᠯᠬᠢᠭᠰᠡᠨ
ᠰᠢᠨᠲᠠᠷᠠᠰᠢ ᠦᠭᠡᠢ ᠲᠡᠮᠡᠴᠡᠯᠲᠡ ᠤᠷᠤᠭᠰᠢᠯᠠᠯᠲᠠ
ᠬᠠᠶᠢᠭ ᠵᠠᠷᠤᠳ ᠬᠣᠰᠢᠭᠤ ᠭᠡᠷᠴᠢᠯᠠᠭᠤ ᠰᠤᠮᠤ
ᠦᠰᠦᠭ ᠠᠮᠢᠯᠠᠭᠤᠯᠤᠭᠴᠢ᠄ ᠣᠳᠬᠠᠨᠰᠣ᠎ᠠ
ᠬᠢᠨᠠᠭᠴᠢ᠄ ᠤᠳᠬᠠᠨᠰᠣ᠎ᠠ᠂ ᠬᠠᠰᠠᠭᠤᠯᠠ
