ᠮᠢᠨᠦ ᠨᠤᠲᠤᠭ ᠰᠦᠪᠸᠢ-ᠰᠦᠮᠪᠦᠷМиний нутаг сүвви-Сүмбэр
ᠮᠢᠨᠦ ᠨᠤᠲᠤᠭ ᠰᠦᠪᠸᠢ
ᠰᠢᠯᠦᠭ ᠄ ᠣᠳᠣᠨ
ᠠᠶᠠᠯᠭᠤ᠄ ᠬᠣᠩ ᠪᠢᠨ
ᠳᠠᠭᠤᠴᠢᠨ᠄ ᠰᠦᠮᠪᠦᠷ
ᠤᠷᠭᠤᠮᠠᠯ ᠠᠷᠴᠠ ᠵᠢᠭᠳᠡᠷᠡᠭᠰᠡᠨ
ᠤᠯᠢᠷ ᠰᠢᠪᠠᠭᠤ ᠤᠶᠠᠩᠭᠠᠯᠠᠭᠰᠠᠨ
ᠲᠠᠪᠤᠨ ᠬᠣᠰᠢᠭᠤ ᠮᠠᠯ ᠪᠢᠯᠬᠠᠷᠠᠭᠰᠠᠨ
ᠲᠠᠩᠰᠤᠭ ᠰᠠᠢᠬᠠᠨ ᠨᠤᠲᠤᠭ ᠮᠢᠨᠢ
ᠪᠠᠭᠠᠲᠤᠷᠯᠢᠭ ᠳᠡᠭᠡᠳᠦᠰ ᠦ᠋ᠨ ᠵᠣᠷᠢᠭ ᠰᠢᠩᠭᠡᠭᠰᠡᠨ
ᠪᠠᠶᠠᠨ ᠭᠠᠷᠤᠯᠲᠠ ᠲᠠᠢ ᠳᠡᠯ ᠠᠭᠤᠯᠠ ᠠᠢ ᠠᠢ ᠬᠦ
ᠳᠠᠶᠠᠩ ᠬᠣᠢᠴᠢᠰ ᠤ᠋ᠨ ᠢᠲᠡᠭᠡᠯ ᠰᠢᠩᠭᠡᠭᠰᠡᠨ
ᠳᠠᠪᠠᠯᠭᠠᠯᠠᠨ ᠤᠷᠤᠰᠬᠤ ᠳᠡᠨᠵᠢᠨ ᠭᠣᠣᠯ ᠮᠢᠨᠢ
ᠴᠠᠳᠢᠭ ᠲᠡᠦᠬᠡ ᠪᠡᠨ ᠦᠯᠡᠳᠡᠭᠡᠭᠰᠡᠨ ᠴᠢᠮᠡᠭᠲᠦ ᠣᠷᠣᠨ ᠴᠢᠭᠲᠠᠭ᠎ᠠ ᠶ᠋ᠢᠨ ᠬᠥᠲᠥᠯ
ᠠᠳᠢᠰ ᠳᠠᠭᠠᠳᠬᠠᠯ ᠠᠢᠯᠠᠳᠤᠭᠰᠠᠨ ᠰᠦᠰᠦᠭᠲᠦ ᠣᠷᠣᠨ ᠪᠠᠶᠠᠨ ᠵᠢᠷᠦᠬᠡ ᠠ᠋
ᠠᠪᠤ ᠶ᠋ᠢᠨ ᠪᠤᠶᠠᠨ ᠰᠢᠩᠭᠡᠭᠰᠡᠨ
ᠠᠰᠬᠠᠨ ᠣᠷᠭᠢᠯ ᠵᠠᠭᠠᠨ ᠰᠣᠶᠣᠭ᠎ᠠ ᠠᠢ ᠠᠢ ᠬᠦ
ᠡᠵᠢ ᠶ᠋ᠢᠨ ᠬᠠᠢᠷ᠎ᠠ ᠰᠢᠩᠭᠡᠭᠰᠡᠨ
ᠡᠨᠡᠷᠢᠯᠲᠦ ᠥᠯᠥᠭᠡᠢ ᠳᠦᠷᠦᠭᠡᠨᠠᠭᠤᠷ
ᠪᠠᠭᠠᠲᠤᠷᠯᠢᠭ ᠳᠡᠭᠡᠳᠦᠰ ᠦ᠋ᠨ ᠵᠣᠷᠢᠭ ᠰᠢᠩᠭᠡᠭᠰᠡᠨ
ᠪᠠᠶᠠᠨ ᠭᠠᠷᠤᠯᠲᠠ ᠲᠠᠢ ᠳᠡᠯ ᠠᠭᠤᠯᠠ ᠠᠢ ᠠᠢ ᠬᠦ
ᠳᠠᠶᠠᠩ ᠬᠣᠢᠴᠢᠰ ᠤ᠋ᠨ ᠢᠲᠡᠭᠡᠯ ᠰᠢᠩᠭᠡᠭᠰᠡᠨ
ᠳᠠᠪᠠᠯᠭᠠᠯᠠᠨ ᠤᠷᠤᠰᠬᠤ ᠳᠡᠨᠵᠢᠨ ᠭᠣᠣᠯ ᠮᠢᠨᠢ
ᠳᠠᠪᠠᠯᠭᠠᠯᠠᠨ ᠤᠷᠤᠰᠬᠤ ᠳᠡᠨᠵᠢᠨ ᠭᠣᠣᠯ ᠮᠢᠨᠢ
ᠦᠰᠦᠭ ᠠᠮᠢᠯᠠᠭᠤᠯᠤᠭᠴᠢ᠄ ᠮᠢᠳᠤᠭᠮ᠎ᠠ
ᠦᠰᠦᠭ ᠬᠠᠲᠠᠭᠴᠢ᠄ ᠮᠢᠳᠤᠭᠮ᠎ᠠ
ᠬᠢᠨᠠᠭᠴᠢ᠄ ᠣᠳᠬᠠᠨᠰᠣ᠎ᠠ
