ᠪᠤᠭᠤᠷᠤᠯ ᠡᠵᠢ-ᠨᠠᠷᠠᠨᠲᠤᠶᠠᠭ᠎ᠠ Буурал ээж-Нарантуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠭᠤᠷᠤᠯ ᠡᠵᠢ-ᠨᠠᠷᠠᠨᠲᠤᠶᠠᠭ᠎ᠠ Буурал ээж-Нарантуяа

ᠪᠤᠭᠤᠷᠤᠯ ᠡᠵᠢ-ᠨᠠᠷᠠᠨᠲᠤᠶᠠᠭ᠎ᠠ Буурал ээж-Нарантуяа

ᠠᠩᠭᠢᠯᠠᠯ:ᠳᠠᠭᠤᠤ ᠬᠥᠭᠵᠢᠮ
2024-04-23

326

ᠪᠤᠭᠤᠷᠤᠯ ᠡᠵᠢ 

   ᠦᠭᠡ᠄ ᠠ᠋· ᠪᠠᠳᠠᠷᠠᠩᠭᠤᠢ  
   ᠠᠶ᠎ᠠ᠄ ᠤᠶᠤᠨᠮᠦ᠋ᠷᠡᠨ   
   ᠳᠠᠭᠤᠴᠢᠨ : ᠨᠠᠷᠠᠨᠲᠤᠶᠠᠭ᠎ᠠ 
   MIDI᠄ᠮᠥᠩᠭᠦᠨᠱᠠ 

ᠪᠤᠳᠠᠩ ᠲᠠᠲᠠᠭᠰᠠᠨ ᠠᠭᠤᠯᠠᠨ ᠤ᠋ ᠪᠠᠨ ᠴᠠᠭᠠᠨ᠎ᠠ ᠠ᠋ᠴᠠ   
ᠪᠤᠭᠤᠷᠤᠯ ᠡᠵᠢ ᠶ᠋ᠢ ᠪᠡᠨ ᠪᠣᠳᠣᠭᠠᠳ ᠪᠠᠢᠨ᠎ᠠ ᠪᠣᠳᠣᠭᠳᠠᠭᠠᠳ ᠪᠠᠢᠨ᠎ᠠ  
ᠮᠠᠨᠠᠨ ᠮᠠᠨᠠᠨ ᠪᠠᠭᠤᠠᠰᠠᠨ ᠤᠰᠤᠨ ᠤ᠋ ᠪᠠᠨ ᠳᠠᠯᠳᠠ ᠠ᠋ᠴᠠ   
ᠮᠠᠢᠵᠢᠭᠢ ᠪᠤᠭᠤᠷᠤᠯ ᠡᠵᠢ ᠶ᠋ᠢ ᠪᠡᠨ  ᠳᠤᠷᠠᠰᠤᠭᠠᠳ ᠪᠠᠢᠨ᠎ᠠ ᠳᠤᠷᠠᠳᠬᠠᠭᠠᠳ  ᠪᠠᠢᠨ᠎ᠠ 

ᠪᠣᠷᠣᠬᠠᠨ  ᠪᠣᠷᠣᠬᠠᠨ ᠪᠤᠷᠭᠠᠰᠤᠨ ᠪᠠᠭᠤᠴᠠᠨ ᠤ᠋ ᠪᠠᠨ  ᠥᠯᠮᠡᠢ ᠡᠴᠡ 
ᠪᠤᠷᠬᠠᠨ ᠡᠵᠢ ᠶ᠋ᠢ ᠪᠡᠨ ᠡᠷᠢᠭᠡᠳ ᠪᠠᠢᠨ᠎ᠠ ᠡᠷᠢᠭᠳᠡᠭᠡᠳ ᠪᠠᠢᠨ᠎ᠠ  
ᠪᠣᠷᠵᠢᠭᠢᠨ  ᠪᠣᠷᠵᠢᠭᠢᠨ ᠪᠤᠯᠠᠭᠠᠨ ᠰᠠᠭᠤᠴᠠᠨ ᠤ᠋ ᠪᠠᠨ ᠢ᠋ᠶ᠋ᠠᠨ ᠮᠡᠯᠮᠡᠢ ᠡᠴᠡ 
ᠰᠦᠨ ᠪᠤᠭᠤᠷᠤᠯ ᠡᠵᠢ ᠶ᠋ᠢ ᠪᠡᠨ ᠪᠠᠷᠠᠯᠠᠭᠠᠳ ᠪᠠᠢᠨ᠎ᠠ ᠪᠠᠷᠠᠯᠠᠭᠳᠠᠭᠠᠳ ᠪᠠᠢᠨ᠎ᠠ  

ᠬᠥᠮᠦᠨ ᠬᠥᠮᠦᠨ ᠦ᠌ ᠲᠠᠪᠢᠯᠠᠩ ᠲᠣᠭᠠᠯᠠᠩ ᠤ᠋ᠨ ᠨᠡᠭᠦᠳᠡᠯ ᠡᠴᠡ 
ᠬᠥᠭᠡᠷᠦᠬᠦᠢ  ᠡᠵᠢ ᠶ᠋ᠢ ᠪᠡᠨ ᠬᠠᠢᠷᠠᠯᠠᠭᠠᠳ ᠪᠠᠢᠨ᠎ᠠ  ᠬᠠᠢᠷᠠᠯᠠᠭᠳᠠᠭᠠᠳ ᠪᠠᠢᠨ᠎ᠠ 
ᠬᠦᠢ ᠬᠦᠢ ᠶ᠋ᠢᠨ  ᠪᠤᠳᠠᠯᠠᠩ ᠣᠷᠴᠢᠯᠠᠩ ᠤ᠋ᠨ ᠪᠠᠭᠤᠳᠠᠯ ᠠ᠋ᠴᠠ 
ᠬᠥᠭᠰᠢᠨ ᠪᠤᠭᠤᠷᠤᠯ ᠡᠵᠢ ᠶ᠋ᠢ ᠪᠡᠨ  ᠵᠡᠭᠦᠳᠦᠯᠡᠭᠡᠳ ᠪᠠᠢᠨ᠎ᠠ ᠵᠡᠭᠦᠳᠦᠯᠡᠭᠳᠡᠭᠡᠳ ᠪᠠᠢᠨ᠎ᠠ  

ᠨᠠᠷᠠ ᠨᠠᠷᠠᠨ ᠤ᠋ ᠠᠯᠲᠠᠨ ᠬᠣᠷᠸ᠎ᠠ ᠶ᠋ᠢᠨ ᠨᠤᠲᠤᠭ ᠠ᠋ᠴᠠ 
ᠨᠠᠮᠬᠠᠨ ᠡᠵᠢ ᠶ᠋ᠢ ᠪᠡᠨ  ᠦᠭᠡᠢᠯᠡᠭᠡᠳ ᠪᠠᠢᠨ᠎ᠠ ᠦᠭᠡᠢᠯᠡᠭᠳᠡᠭᠡᠳ ᠪᠠᠢᠨ᠎ᠠ  
ᠰᠠᠷᠠ ᠰᠠᠷᠠᠨ ᠤ᠋  ᠽᠠᠮᠪᠤᠯᠢᠩ  ᠳᠡᠯᠡᠬᠡᠢ ᠶ᠋ᠢᠨ ᠬᠤᠲᠤᠭ ᠠ᠋ᠴᠠ ᠪᠠᠨ 
ᠰᠠᠢᠬᠠᠨ ᠪᠤᠭᠤᠷᠤᠯ ᠡᠵᠢ ᠶ᠋ᠢ ᠪᠡᠨ ᠰᠠᠨᠠᠭᠠᠳ ᠪᠠᠢᠨ᠎ᠠ ᠰᠠᠨᠠᠭᠳᠠᠭᠠᠳ  ᠪᠠᠢᠨ᠎ᠠ  

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ·ᠴᠢᠷᠮᠠᠢᠯᠲᠤ