ᠤᠰᠤᠨ ᠲᠦᠷᠦᠭᠦᠦУсан Төрүү ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠰᠤᠨ ᠲᠦᠷᠦᠭᠦᠦУсан Төрүү

ᠤᠰᠤᠨ ᠲᠦᠷᠦᠭᠦᠦУсан Төрүү

2024-04-23

312

ᠤᠰᠤᠨ ᠲᠦᠷᠦᠭᠦᠦ 

              ᠤᠰᠤᠨ ᠲᠦᠷᠦᠭᠦᠦ ᠶ᠋ᠢᠨ ᠢᠵᠠᠭᠤᠷ
           ᠨᠠᠮᠤᠭ ᠲᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ 50—100cm  ᠥᠨᠳᠥᠷ᠃ ᠭᠠᠵᠠᠷ ᠳᠣᠣᠷᠠᠬᠢ ᠲᠥᠮᠥᠰᠥᠯᠢᠭ ᠡᠰᠢ ᠨᠢ ᠪᠥᠭᠡᠷᠡᠩᠬᠡᠢ ᠳ᠋ᠢᠶᠠᠮᠧᠲ᠋ᠷ ᠨᠢ 4.5cm  ᠤᠷᠲᠤ᠂ ᠢᠭᠴᠤ ᠤᠷᠭᠤᠭᠰᠠᠨ ᠣᠯᠠᠨ ᠰᠠᠬᠠᠯ ᠦᠨᠳᠦᠰᠦ ᠲᠡᠢ᠃ ᠨᠠᠪᠴᠢ ᠨᠢ ᠪᠦᠷ ᠣᠵᠣᠭᠣᠷ ᠠ᠋ᠴᠠ ᠤᠷᠭᠤᠨ᠎ᠠ᠂ᠥᠨᠳᠡᠭᠡᠯᠵᠢᠨ ᠵᠤᠤᠪᠠᠩ ᠠ᠋ᠴᠠ ᠥᠨᠳᠡᠭᠡᠯᠵᠢᠨ ᠦ᠌ ᠬᠣᠭᠣᠷᠣᠨᠳᠣᠬᠢ ᠬᠡᠯᠪᠡᠷᠢ ᠲᠡᠢ᠂ᠪᠦᠲᠦᠨ ᠬᠥᠪᠡᠭᠡ ᠲᠡᠢ᠂ 5—15cm  ᠤᠷᠲᠤ᠂ ᠭᠢᠯᠦᠭᠡᠷ᠂ 5—7  ᠭᠤᠯᠳᠤ ᠰᠤᠳᠠᠯ ᠲᠠᠢ᠂ 10—50cm  ᠤᠷᠲᠤ ᠤᠭ ᠤ᠋ᠨ ᠬᠡᠰᠡᠭ ᠲᠡᠭᠡᠨ ᠲᠣᠭᠳᠣᠢ ᠰᠢᠭ᠋ ᠪᠣᠯᠤᠭᠰᠠᠨ ᠪᠠᠷᠢᠭᠤᠯ ᠲᠠᠢ᠃ ᠴᠡᠴᠡᠭ ᠦ᠋ᠨ ᠡᠰᠢ ᠨᠢ ᠨᠠᠪᠴᠢᠨ ᠤ᠋ ᠪᠠᠭᠯᠠᠷᠠᠯ ᠳᠤᠮᠳᠠ ᠠ᠋ᠴᠠ ᠤᠷᠭᠤᠳᠠᠭ᠂ ᠶᠡᠷᠦ ᠳ᠋ᠡᠭᠡᠨ 3—4  ᠪᠡᠷ ᠳᠤᠭᠤᠢᠷᠠᠨ ᠤᠷᠭᠤᠭᠰᠠᠨ ᠰᠠᠯᠠᠭ᠎ᠠ ᠲᠠᠢ ᠪᠠ ᠰᠠᠯᠠᠭ᠎ᠠ ᠨᠤᠭᠤᠳ ᠨᠢ ᠳᠠᠬᠢᠨ ᠳᠤᠭᠤᠢᠷᠠᠨ ᠤᠷᠭᠤᠭᠰᠠᠨ ᠣᠯᠠᠨ ᠵᠢᠵᠢᠭ ᠰᠠᠯᠠᠭ᠎ᠠ ᠭᠠᠷᠴᠤ ᠲᠣᠮᠣ ᠱᠣᠷᠣᠯᠵᠢᠨ ᠬᠡᠯᠪᠡᠷᠢᠲᠦ ᠪᠠᠭ ᠴᠡᠴᠡᠭ ᠪᠦᠷᠢᠯᠳᠦᠳᠡᠭ ;ᠵᠢᠵᠢᠭ ᠴᠡᠴᠡᠭ ᠦ᠋ᠨ ᠪᠠᠷᠢᠭᠤᠯ ᠨᠢ ᠲᠡᠩᠴᠡᠭᠦᠦ ᠪᠤᠰᠤ ᠤᠷᠭᠤᠵᠤ ᠰᠢᠬᠦᠷ ᠬᠡᠯᠪᠡᠷᠢ ᠲᠡᠢ ᠪᠡᠷ ᠪᠠᠢᠷᠢᠯᠠᠨ᠎ᠠ ;  ᠪᠠᠭᠯᠠᠭᠴᠢ ᠨᠢ 3—4᠂  ᠬᠠᠪᠲᠠᠭᠠᠢ ᠲᠡᠪᠡᠨᠡ ᠰᠢᠭ ᠡᠴᠡ ᠪᠦᠰᠡ ᠰᠢᠭ ᠦ᠋ᠨ ᠬᠣᠭᠣᠷᠣᠨᠳᠣᠬᠢ ᠬᠡᠯᠪᠡᠷᠢ ᠲᠡᠢ ;  ᠴᠡᠴᠡᠭ ᠦ᠋ᠨ ᠲᠣᠭᠳᠣᠢ ᠶ᠋ᠢᠨ ᠰᠡᠵᠢᠭᠦᠷ ᠢᠯᠲᠠᠰᠤ ᠨᠢ ᠥᠷᠭᠡᠨ ᠥᠨᠳᠡᠭᠡᠯᠵᠢᠨ ᠬᠡᠯᠪᠡᠷᠢ ᠲᠡᠢ᠂ ᠭᠦᠨ ᠨᠣᠭᠣᠪᠲᠤᠷ ᠪᠤᠶᠤ ᠬᠦᠷᠡᠩ ;  ᠴᠡᠴᠡᠭ ᠦ᠋ᠨ ᠬᠡᠯᠲᠡᠰ ᠨᠢ ᠴᠠᠭᠠᠨ᠂ ᠲᠣᠷᠭᠠᠨ ᠬᠠᠯᠢᠰᠤᠯᠢᠭ᠂ ᠲᠣᠩᠭᠣᠷᠠᠭᠤ ᠥᠨᠳᠡᠭᠡᠯᠵᠢᠨ᠂᠂᠂᠂ ᠡᠷ᠎ᠡ ᠲᠣᠭᠣᠷᠴᠣᠭ ᠨᠢ ᠵᠢᠷᠭᠤᠭ᠎ᠠ᠂ ᠰᠢᠷᠠᠪᠲᠤᠷ ᠴᠠᠭᠠᠨ ᠲᠣᠭᠣᠰᠣᠪᠴᠢ ᠲᠠᠢ;ᠰᠠᠯᠤᠩᠭᠢ ᠤᠷᠭᠤᠬᠤ ᠣᠯᠠᠨ ᠡᠮ᠎ᠡ ᠲᠣᠭᠣᠷᠴᠣᠭ ᠲᠠᠢ ; ᠴᠡᠴᠡᠭ ᠦ᠋ᠨ ᠪᠠᠭᠠᠨ᠎ᠠ ᠨᠢ ᠤᠮᠠᠢ ᠶ᠋ᠢᠨ ᠬᠠᠵᠠᠭᠤ ᠠ᠋ᠴᠠ ᠤᠷᠭᠤᠨ᠎ᠠ᠂ ᠮᠥᠩᠬᠡ ᠣᠷᠣᠰᠢᠨ᠎ᠠ᠃ ᠲᠤᠷᠠᠩᠬᠠᠢ ᠵᠢᠮᠢᠰ ᠨᠢ ᠬᠠᠪᠲᠠᠭᠠᠢ᠂ ᠲᠣᠩᠭᠣᠷᠠᠭᠤ ᠥᠨᠳᠡᠭᠡᠯᠵᠢᠨ᠂ 2—2.5mm  ᠤᠷᠲᠤ᠂ 2mm  ᠥᠷᠭᠡᠨ᠂ ᠠᠷᠤ ᠳ᠋ᠤᠨᠢ ᠭᠦᠨ ᠬᠣᠪᠢᠯ ᠲᠠᠢ᠃
     ᠭᠣᠣᠯ᠂ ᠨᠠᠭᠤᠷ ᠴᠥᠭᠥᠷᠥᠮ ᠦ᠋ᠨ ᠬᠥᠪᠡᠭᠡᠨ ᠦ᠌ ᠭᠦᠢᠬᠡᠨ ᠤᠰᠤ ᠲᠠᠢ ᠨᠠᠮᠤᠭ ᠲᠤ ᠤᠷᠭᠤᠳᠠᠭ᠃ ᠳᠤᠯᠠᠭᠠᠨ ᠴᠢᠭᠢᠭᠲᠡᠢ ᠮᠥᠷᠲᠡᠭᠡᠨ ᠡᠯᠪᠡᠭ ᠢᠯᠵᠠᠮᠠᠭ ᠲᠠᠢ ᠨᠠᠩᠭᠢ ᠰᠢᠷᠣᠢ ᠳ᠋ᠤ᠌ ᠵᠠᠢᠯᠠᠵᠤ ᠪᠣᠯᠤᠨ᠎ᠠ ;  ᠲᠤᠲᠤᠷᠭ᠎ᠠ ᠶ᠋ᠢᠨ ᠲᠠᠷᠢᠶᠠᠨ ᠳ᠋ᠤ᠌ ᠪᠠᠰᠠ ᠵᠠᠢᠯᠠᠵᠤ ᠪᠣᠯᠤᠨ᠎ᠠ᠃
    ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠵᠡᠭᠦᠨ ᠬᠣᠢᠲᠤ ᠣᠷᠣᠨ᠂ ᠳᠣᠷᠣᠨᠠᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
      ᠪᠥᠭᠡᠷᠡᠩᠬᠡᠢ ᠲᠥᠮᠥᠰᠥᠯᠢᠭ ᠡᠰᠢ ᠨᠢ ᠡᠮ ᠳ᠋ᠦ᠍ ᠣᠷᠣᠨ᠎ᠠ᠃
        ᠬᠢᠲᠠᠳ ᠨᠡᠷ᠎ᠡ᠄泽泻
         ᠠᠩᠭ᠌ᠯᠢ ᠨᠡᠷ᠎ᠡ᠄Alisma plantago—aquatica L.
                     ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                   ᠬᠢᠨᠠᠭᠴᠢ᠄ ᠫᠣ· ᠴᠠᠭᠠᠨ