ᠲᠠᠪᠤᠨ ᠮᠠᠬᠠᠪᠤᠳ ᠵᠢᠴᠢ ᠲᠡᠳᠡᠭᠡᠷ ᠦᠨ ᠬᠣᠭᠣᠷᠣᠨᠳᠤᠬᠢ ᠬᠣᠯᠪᠣᠭᠳᠠᠯ Таван махбод жич тэдгээрийн хоорондох холбогдол
2 ᠲᠠᠪᠤᠨ ᠮᠠᠬᠠᠪᠣᠳ ᠤ᠋ᠨ ᠢᠪᠡᠭᠡᠯ ᠪᠣᠯᠬᠤ ᠨᠢ : ᠭᠠᠯ ᠰᠢᠷᠣᠢ ᠲᠠᠢ ᠢᠪᠡᠭᠡᠯ᠂ ᠰᠢᠷᠣᠢ ᠲᠡᠮᠦᠷ ᠲᠡᠢ ᠢᠪᠡᠭᠡᠯ᠂ ᠲᠡᠮᠦᠷ ᠤᠰᠤ ᠲᠠᠢ ᠢᠪᠡᠭᠡᠯ᠂ ᠤᠰᠤ ᠮᠣᠳᠣ ᠲᠠᠢ ᠢᠪᠡᠭᠡᠯ᠃ ᠡᠭᠦᠨ ᠤ ᠶᠣᠰᠣᠨ ᠪᠣᠯ ᠮᠣᠳᠣ ᠭᠠᠯ ᠢ ᠬᠥᠭᠵᠢᠭᠡᠵᠦ ᠲᠤᠰᠠᠯᠠᠳᠠᠭ᠃ ᠭᠠᠯ ᠠᠯᠢᠪᠠ ᠪᠣᠳᠠᠰ ᠢ ᠰᠢᠲᠠᠭᠠᠵᠤ ᠦᠨᠡᠰᠦ ᠪᠤᠯᠠᠭᠠᠨ ᠰᠢᠷᠣᠢ ᠶ᠋ᠢ ᠨᠡᠮᠡᠵᠦ ᠲᠤᠰᠠᠯᠠᠳᠠᠭ᠃ ᠰᠢᠷᠣᠢ ᠠ᠋ᠴᠠ ᠲᠡᠮᠦᠷ ᠪᠦᠲᠦᠬᠦ ᠤᠴᠢᠷ ᠠ᠋ᠴᠠ᠂ ᠲᠡᠮᠦᠷ ᠢ ᠲᠤᠰᠠᠯᠠᠳᠠᠭ ᠲᠡᠮᠦᠷ ᠰᠠᠪᠠ ᠤᠰᠤ ᠶ᠋ᠢ ᠲᠣᠭᠲᠠᠭᠠᠬᠤ ᠪᠣᠯᠬᠣᠷ ᠲᠡᠮᠦᠷ ᠤᠰᠤ ᠶ᠋ᠢ ᠲᠤᠰᠠᠯᠠᠳᠠᠭ᠃ ᠤᠰᠤ ᠮᠣᠳᠣ ᠶ᠋ᠢ ᠤᠰᠤᠯᠠᠵᠤ ᠪᠣᠢᠵᠢᠭᠤᠯᠬᠤ ᠤᠴᠢᠷ ᠠ᠋ᠴᠠ ᠤᠰᠤ ᠮᠣᠳᠣ ᠶ᠋ᠢ ᠲᠤᠰᠠᠯᠠᠨ᠎ᠠ ᠭᠡᠳᠡᠭ᠃ ᠭᠡᠪᠡᠴᠦ ᠲᠤᠰᠠᠯᠠᠬᠤ ᠮᠠᠬᠠᠪᠣᠳ ᠬᠡᠲᠦᠷᠡᠪᠡᠯ ᠬᠠᠷᠢᠨ ᠬᠠᠷᠰᠢ ᠪᠣᠯᠳᠠᠭ ᠶᠤᠮ᠂ ᠵᠢᠱ᠌ᠢᠶᠡᠯᠡᠪᠡᠯ ᠮᠣᠳᠣ ᠬᠦᠪᠦᠵᠦ ᠢᠯᠵᠠᠷᠠᠬᠤ ᠮᠡᠲᠦ᠃ ᠡᠢᠮᠦ ᠡᠴᠡ ᠲᠠᠪᠤᠨ ᠮᠠᠬᠠᠪᠣᠳ ᠬᠠᠷᠢᠯᠴᠠᠨ ᠲᠡᠩᠴᠡᠭᠦᠨ ᠪᠠᠢᠪᠠᠯ ᠰᠠᠶᠢ ᠰᠠᠢᠨ᠃
3 ᠲᠠᠪᠤᠨ ᠮᠠᠬᠠᠪᠣᠳ ᠤ᠋ᠨ ᠬᠠᠷᠰᠢᠯ ᠪᠣᠯᠬᠤ ᠨᠢ : ᠮᠣᠳᠣ ᠰᠢᠷᠣᠢ ᠲᠠᠢ ᠬᠠᠷᠰᠢ᠂ ᠰᠢᠷᠣᠢ ᠤᠰᠤ ᠲᠠᠢ ᠬᠠᠷᠰᠢ᠂ ᠤᠰᠤ ᠭᠠᠯ ᠲᠠᠢ ᠬᠠᠷᠰᠢ᠂ ᠭᠠᠯ ᠲᠡᠮᠦᠷ ᠲᠡᠢ ᠬᠠᠷᠰᠢ᠂ ᠲᠡᠮᠦᠷ ᠮᠣᠳᠣ ᠲᠠᠢ ᠬᠠᠷᠰᠢ᠃ ᠡᠭᠦᠨ ᠳ᠋ᠦ᠍ ᠬᠠᠷᠰᠢᠬᠤ ᠶ᠋ᠢᠨ ᠶᠣᠰᠣᠨ ᠪᠣᠯ : ᠮᠣᠳᠣ ᠰᠢᠷᠣᠢ ᠶ᠋ᠢ ᠰᠢᠮ᠎ᠡ ᠶ᠋ᠢ ᠪᠡᠶ᠎ᠡ ᠳ᠋ᠡᠭᠡᠨ ᠠᠪᠴᠤ ᠳᠡᠢᠯᠬᠦ᠃ ᠰᠢᠷᠣᠢ ᠤᠰᠤ ᠶ᠋ᠢ ᠲᠣᠭᠲᠠᠭᠠᠬᠤ ᠪᠤᠶᠤ ᠪᠡᠶ᠎ᠡ ᠳ᠋ᠡᠭᠡᠨ ᠰᠢᠩᠭᠡᠬᠡᠨ ᠠᠪᠴᠤ ᠳᠡᠢᠯᠬᠦ ᠤᠰᠤ ᠭᠠᠯ ᠢ ᠤᠨᠳᠠᠷᠭᠠᠵᠤ ᠳᠡᠢᠯᠦᠨ᠎ᠡ᠃ ᠭᠠᠯ ᠲᠡᠮᠦᠷ ᠢ ᠤᠯᠠᠢᠯᠭᠠᠨᠵᠥ ᠵᠦᠭᠡᠷᠡᠭᠦᠯᠵᠦ ᠳᠡᠢᠯᠦᠨ᠎ᠡ᠃ ᠡᠨᠡ ᠮᠡᠲᠦ ᠪᠡᠷ ᠲᠠᠪᠤᠨ ᠮᠠᠬᠠᠪᠣᠳ ᠬᠠᠷᠢᠯᠴᠠᠨ ᠬᠣᠭᠣᠷᠣᠨᠳᠣ ᠪᠠᠨ ᠬᠢᠵᠠᠭᠠᠷᠯᠠᠵᠤ ᠪᠠᠢᠳᠠᠭ᠂ ᠭᠡᠪᠡᠴᠦ ᠪᠠᠰᠠ ᠳᠡᠢᠯᠬᠦ ᠮᠠᠬᠠᠪᠣᠳ ᠨᠢ ᠪᠢᠯᠢᠭ ᠪᠣᠯᠵᠤ᠂ ᠳᠡᠢᠯᠦᠭᠳᠡᠬᠦ ᠮᠠᠬᠠᠪᠣᠳ ᠨᠢ ᠠᠷᠭ᠎ᠠ ᠪᠣᠯ ᠬᠦᠴᠦᠨ ᠲᠡᠩᠴᠡᠨ᠎ᠡ ᠭᠡᠵᠦ ᠶᠠᠷᠢᠳᠠᠭ ᠰᠠᠨ᠃
4 ᠲᠠᠪᠤᠨ ᠮᠠᠬᠠᠪᠣᠳ ᠤ᠋ᠨ ᠡᠬᠡ ᠬᠥᠪᠡᠭᠦᠨ ᠨᠥᠬᠥᠷ ᠳᠠᠢᠰᠤᠨ ᠤ᠋ ᠬᠣᠯᠪᠣᠭᠳᠠᠯ : ᠡᠭᠦᠨ ᠢ ᠮᠣᠳᠣ ᠭᠠᠯ ᠰᠢᠷᠣᠢ ᠲᠡᠮᠦᠷ ᠤᠰᠤᠨ ᠳᠠᠷᠠᠭᠠᠯᠠᠯ ᠢ᠋ᠶ᠋ᠠᠷ ᠲᠣᠭᠠᠯᠠᠪᠠᠯ ᠡᠮᠦᠨᠡᠬᠢ ᠨᠢᠭᠡ ᠳᠠᠷᠠᠭᠠᠬᠢ ᠨᠢ ᠬᠥᠪᠡᠭᠦᠨ᠂ ᠳᠠᠷᠤᠢ ᠮᠣᠳᠣᠨ ᠤ᠋ ᠡᠬᠡ ᠤᠰᠤ᠂ ᠤᠰᠤᠨ ᠤ᠋ ᠡᠬᠡ ᠲᠡᠮᠦᠷ᠂ ᠲᠡᠮᠦᠷ ᠦ᠋ᠨ ᠡᠬᠡ ᠰᠢᠷᠣᠢ᠂ ᠰᠢᠷᠣᠢ ᠶ᠋ᠢᠨ ᠡᠬᠡ ᠭᠠᠯ᠂ ᠭᠠᠯ ᠤ᠋ᠨ ᠡᠬᠡ ᠮᠣᠳᠣ᠃ ᠥᠭᠰᠥᠨ ᠲᠣᠭᠠᠯᠠᠪᠠᠯ ᠳᠠᠷᠤᠢ ᠮᠣᠳᠣᠨ ᠤ᠋ ᠬᠥᠪᠡᠭᠦᠨ ᠭᠠᠯ᠂ ᠭᠠᠯ ᠤ᠋ᠨ ᠬᠥᠪᠡᠭᠦᠨ ᠰᠢᠷᠣᠢ ᠭᠡᠬᠦ ᠮᠡᠲᠦ᠃ ᠬᠥᠪᠡᠭᠦᠨ ᠤ ᠬᠥᠪᠡᠭᠦᠨ ᠨᠥᠬᠥᠷ ᠡᠬᠡ ᠶ᠋ᠢᠨ ᠡᠬᠡ ᠳᠠᠢᠰᠤᠨ ᠪᠣᠯᠤᠮᠤᠢ᠃
