ᠤᠰᠤᠮᠠᠭУсмаг

ᠤᠰᠤᠮᠠᠭ
ᠤᠰᠤᠮᠠᠭ ᠤ᠋ᠨ ᠢᠵᠠᠭᠤᠷ
ᠤᠰᠤᠨ ᠤ᠋ ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠬᠥᠨᠳᠡᠯᠡᠨ ᠪᠥᠭᠡᠳ ᠣᠯᠠᠨ ᠰᠠᠬᠠᠯ ᠦᠨᠳᠦᠰᠦ ᠲᠡᠢ᠃ ᠡᠰᠢ ᠨᠢ ᠨᠠᠷᠢᠨ᠂ ᠬᠡᠪᠡᠷᠡᠭ᠂ 3—10cm ᠤᠷᠲᠤ᠂ ᠴᠥᠭᠡᠬᠡᠨ ᠰᠠᠯᠠᠭ᠎ᠠ ᠲᠠᠢ᠃ ᠨᠠᠪᠴᠢ ᠨᠢ ᠴᠢᠭᠲᠠᠯᠠᠨ ᠤᠷᠭᠤᠨ᠎ᠠ᠂ ᠨᠠᠷᠢᠨ ᠪᠦᠰᠡ ᠬᠡᠯᠪᠡᠷᠢ ᠲᠡᠢ᠂ ᠬᠠᠪᠲᠠᠭᠠᠢ᠂ 2—7cm ᠤᠷᠲᠤ᠂ ᠨᠢᠭᠡ ᠰᠤᠳᠠᠯ ᠲᠠᠢ᠂ ᠱᠣᠪᠬᠣ ᠦᠵᠦᠭᠦᠷ ᠲᠡᠢ᠂ ᠤᠰᠤᠨ ᠳ᠋ᠤ᠌ ᠵᠢᠪᠴᠦ ᠪᠠᠢᠳᠠᠭ ᠤᠭ ᠲᠤᠨᠢ ᠲᠣᠭᠳᠣᠢ ᠰᠢᠭ᠋ ᠲᠣᠷᠭᠠᠨ ᠬᠠᠯᠢᠰᠤᠯᠢᠭ ᠲᠣᠰᠬᠣᠭᠤᠷ ᠨᠠᠪᠴᠢ ᠲᠠᠢ᠃ ᠴᠡᠴᠡᠭ ᠨᠢ ᠵᠢᠵᠢᠭ᠂ ᠪᠠᠷᠤᠭ ᠪᠠᠷᠢᠭᠤᠯ ᠦᠭᠡᠢ᠂ ᠭᠠᠭᠴᠠ ᠪᠡᠯᠭᠡ ᠲᠡᠢ᠂ ᠨᠢᠭᠡ ᠭᠡᠷ ᠲᠡᠢ᠂ ᠪᠦᠷ ᠨᠠᠪᠴᠢᠨ ᠤ ᠳᠤᠭᠲᠤᠢ ᠳᠣᠲᠣᠷ᠎ᠠ ᠬᠠᠮᠲᠤ ᠪᠠᠷ ᠳᠡᠯᠭᠡᠷᠡᠨ᠎ᠡ᠃ ᠡᠷ᠎ᠡ ᠴᠡᠴᠡᠭ ᠨᠢ ᠭᠠᠭᠴᠠᠭᠠᠷ ᠤᠷᠭᠤᠨ᠎ᠠ᠂ ᠴᠡᠴᠡᠭ ᠦ᠋ᠨ ᠰᠢᠳᠠᠷ ᠦᠭᠡᠢ᠂ ᠨᠢᠭᠡ ᠯᠡ ᠡᠷ᠎ᠡ ᠲᠣᠭᠣᠷᠴᠣᠭ ᠲᠠᠢ᠂ ᠨᠠᠷᠢᠨ ᠳᠣᠬᠢᠭᠤᠷ ᠲᠠᠢ ᠪᠥᠭᠡᠳ ᠬᠣᠶᠠᠷ ᠳᠠᠰᠤᠭᠲᠤ ᠲᠣᠭᠣᠰᠤᠪᠴᠢ ᠲᠠᠢ᠃ ᠡᠮ᠎ᠡ ᠴᠡᠴᠡᠭ ᠦ᠋ᠨ ᠰᠢᠳᠠᠷ ᠨᠢ ᠴᠣᠮᠣ ᠬᠡᠯᠪᠡᠷᠢ ᠲᠡᠢ᠂ ᠲᠤᠩᠭᠠᠯᠠᠭ᠂ 2- 6 ᠤᠮᠠᠢ ᠶ᠋ᠢᠨ ᠬᠠᠯᠢᠰᠤ ᠲᠠᠢ ᠴᠡᠴᠡᠭ ᠦ᠋ᠨ ᠪᠠᠭᠠᠨ᠎ᠠ ᠨᠢ ᠨᠠᠷᠢᠨ᠂ ᠬᠡᠷᠴᠢᠶᠡᠰᠦᠲᠦ ᠪᠤᠶᠤ ᠳᠣᠯᠭᠢᠶᠠᠯᠠᠭᠰᠠᠨ ᠮᠡᠲᠦ ᠬᠥᠪᠡᠭᠡ ᠲᠡᠢ ᠪᠠᠮᠪᠠᠢ ᠬᠡᠯᠪᠡᠷᠢᠲᠦ ᠴᠡᠴᠡᠭ ᠦ᠋ᠨ ᠪᠠᠭᠠᠨ᠎ᠠ ᠶ᠋ᠢᠨ ᠠᠮᠠᠰᠠᠷ ᠲᠠᠢ᠃ ᠤᠮᠠᠢ ᠨᠢ ᠨᠢᠭᠡ ᠯᠡ ᠤᠨᠵᠢᠢᠵᠤ ᠤᠷᠭᠤᠬᠤ ᠦᠷ᠎ᠡ ᠨᠠᠬᠢᠶ᠎ᠠ ᠲᠠᠢ᠃ ᠵᠢᠵᠢᠭ ᠬᠠᠲᠠᠭᠤ ᠵᠢᠮᠢᠰ ᠨᠢ ᠶᠡᠷᠦ ᠳ᠋ᠡᠭᠡᠨ ᠳᠥᠷᠪᠡ᠂ ᠤᠷᠲᠤᠯᠵᠢᠨ ᠪᠥᠭᠡᠷᠡᠩᠬᠡᠢ᠂ᠬᠠᠮᠰᠢᠭᠢᠷ᠂ 3—4mm ᠤᠷᠲᠤ᠂ ᠬᠣᠰᠢᠭᠤ ᠲᠠᠢ᠂ ᠠᠷᠤ ᠶ᠋ᠢᠨ ᠢᠷᠮᠡᠭ ᠲᠤᠨᠢ ᠬᠡᠷᠴᠢᠶᠡᠰᠦ ᠲᠡᠢ᠃ ᠵᠢᠮᠢᠰ ᠦ᠋ᠨ ᠪᠠᠷᠢᠭᠤᠯ ᠨᠢ 2—4m ᠤᠷᠲᠤ ᠪᠤᠶᠤ ᠪᠠᠷᠢᠭᠤᠯ ᠦᠭᠡᠢ ᠪᠡᠷ ᠶᠡᠷᠦᠩᠬᠡᠢ ᠪᠠᠷᠢᠭᠤᠯ ᠤ᠋ᠨ ᠣᠷᠣᠢ ᠳ᠋ᠤ᠌ ᠬᠡᠳᠦ ᠬᠡᠳᠦ ᠪᠡᠷ ᠪᠠᠭᠯᠠᠷᠠᠨ ᠤᠷᠭᠤᠨ᠎ᠠ᠃ ᠦᠷ᠎ᠡ ᠨᠢ ᠰᠢᠯᠤᠭᠤᠨ ᠰᠠᠭᠤᠨ᠎ᠠ᠃ ᠦᠷ᠎ᠡ ᠶ᠋ᠢᠨ ᠲᠠᠯ᠎ᠠ ᠨᠢ ᠱᠤᠷᠠᠭ ᠬᠡᠯᠪᠡᠷᠢ ᠲᠡᠢ᠃
ᠨᠠᠭᠤᠷ ᠴᠥᠭᠥᠷᠥᠮ᠂ ᠴᠣᠩᠬᠢᠶᠠᠯ ᠤ᠋ᠨ ᠭᠦᠢᠬᠡᠨ ᠤᠰᠤᠨ ᠳ᠋ᠤ᠌ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠳ᠋ᠤ᠌ ᠪᠦᠷ ᠤᠷᠭᠤᠳᠠᠭ᠃
ᠬᠢᠲᠠᠳ ᠨᠡᠷ᠎ᠡ᠄角果藻
ᠠᠩᠭ᠌ᠯᠢ ᠨᠡᠷ᠎ᠡ᠄Zannichellia palustri
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
