ᠨᠠᠢ᠍ᠮᠠᠨ ᠰᠠᠭᠤᠳᠠᠯ ᠪᠠ ᠥᠪᠡᠷ ᠦᠨ ᠨᠠᠢ᠍ᠮᠠᠨ ᠵᠦᠭ Найман суудал ба өөрийн найман зүг ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢ᠍ᠮᠠᠨ ᠰᠠᠭᠤᠳᠠᠯ ᠪᠠ ᠥᠪᠡᠷ ᠦᠨ ᠨᠠᠢ᠍ᠮᠠᠨ ᠵᠦᠭ Найман суудал ба өөрийн найман зүг

ᠨᠠᠢ᠍ᠮᠠᠨ ᠰᠠᠭᠤᠳᠠᠯ ᠪᠠ ᠥᠪᠡᠷ ᠦᠨ ᠨᠠᠢ᠍ᠮᠠᠨ ᠵᠦᠭ Найман суудал ба өөрийн найман зүг

ᠠᠩᠭᠢᠯᠠᠯ:ᠵᠠᠩ ᠦᠢᠯᠡ
2024-04-20

326


      1 ᠨᠠᠢ᠍ᠮᠠᠨ ᠰᠠᠭᠤᠳᠠᠯ( ᠪᠠᠰᠠ ᠨᠠᠢ᠍ᠮᠠᠨ ᠬᠦᠯᠢᠯ ᠪᠤᠶᠤ ᠨᠠᠢ᠍ᠮᠠᠨ ᠣᠷᠣᠨ ᠭᠡᠳᠡᠭ ) ᠭᠠᠯ᠂ ᠰᠢᠷᠣᠢ᠂ ᠲᠡᠮᠦᠷ᠂ ᠣᠭᠲᠠᠷᠭᠤᠢ᠂ ᠤᠰᠤ᠂ ᠠᠭᠤᠯᠠ᠂ ᠮᠣᠳᠣ᠂ ᠬᠡᠢ ᠵᠡᠷᠭᠡ ᠨᠢ ᠨᠠᠢ᠍ᠮᠠᠨ ᠰᠠᠭᠤᠳᠠᠯ ᠪᠣᠯᠤᠨ᠎ᠠ᠃ ᠲᠡᠳᠡᠭᠡᠷ ᠨᠢ ᠳᠥᠷᠪᠡᠨ ᠵᠦᠭ ᠨᠠᠢ᠍ᠮᠠᠨ ᠵᠣᠪᠬᠢᠰ ᠲᠤ᠌ ᠲᠠᠭᠠᠷᠠᠭᠤᠯᠤᠨ ᠴᠠᠭ ᠤ᠋ᠨ ᠵᠡᠭᠦᠦ ᠶ᠋ᠢᠨ ᠴᠢᠭ᠍ᠯᠡᠯ ᠳᠠᠭᠠᠤ ᠭᠠᠯ - ᠡᠮᠦᠨ᠎ᠡ ᠵᠦᠭ ᠂ ᠰᠢᠷᠣᠢ - ᠪᠠᠷᠠᠭᠤᠨ ᠡᠮᠦᠨ᠎ᠡ ᠵᠦᠭ ᠂ ᠲᠡᠮᠦᠷ - ᠪᠠᠷᠠᠭᠤᠨ ᠵᠦᠭ ᠂ ᠣᠭᠲᠠᠷᠭᠤᠢ - ᠪᠠᠷᠠᠭᠤᠨ ᠬᠣᠢᠲᠤ ᠵᠦᠭ ᠂ ᠤᠰᠤ - ᠬᠣᠢᠨ᠎ᠠ ᠵᠦᠭ ᠂ ᠠᠭᠤᠯᠠ - ᠵᠡᠭᠦᠨ ᠬᠣᠢᠲᠤ ᠵᠦᠭ ᠂ ᠮᠣᠳᠣ - ᠵᠡᠭᠦᠨ ᠵᠦᠭ ᠂ ᠬᠡᠢ - ᠵᠡᠭᠦᠨ ᠡᠮᠦᠨ᠎ᠡ ᠵᠦᠭ ᠭᠡᠵᠦ ᠰᠠᠭᠤᠬᠤ ᠶᠤᠮ᠃ ᠡᠨᠡ ᠨᠠᠢ᠍ᠮᠠᠨ ᠰᠠᠭᠤᠳᠠᠯ ᠨᠢ ᠪᠠᠰᠠ ᠲᠣᠰᠪᠣᠷᠢ ᠥᠪᠡᠷ ᠦ᠋ᠨ ᠨᠠᠢ᠍ᠮᠠᠨ ᠵᠦᠭ ᠲᠡᠢ ᠰᠠᠨ᠃  
      2 ᠨᠠᠢ᠍ᠮᠠᠨ ᠰᠠᠭᠤᠳᠠᠯ ᠢ ᠣᠯᠬᠤ : ᠨᠢᠭᠡ ᠬᠥᠮᠦᠨ ᠳ᠋ᠦ᠍ ᠠᠪᠴᠤ ᠬᠡᠯᠡᠪᠡᠯ ᠵᠢᠯ ᠪᠦᠷᠢ ᠲᠡᠭᠦᠨ ᠤ ᠡᠵᠡᠯᠡᠬᠦ ᠰᠠᠭᠤᠳᠠᠯ ᠨᠢ ᠬᠤᠪᠢᠷᠠᠵᠤ ᠪᠠᠢᠳᠠᠭ᠃ ᠡᠭᠦᠨ ᠢ ᠣᠯᠬᠤ ᠳ᠋ᠤ᠌ ᠡᠷ᠎ᠡ ᠬᠥᠮᠦᠨ ᠪᠣᠯ ᠭᠠᠯ ᠰᠠᠭᠤᠳᠠᠯ ᠠ᠋ᠴᠠ ᠡᠬᠢᠯᠡᠨ ᠴᠠᠭ ᠤ᠋ᠨ ᠵᠡᠭᠦᠦ ᠶ᠋ᠢᠨ ᠡᠷᠭᠢᠯᠲᠡ ᠶ᠋ᠢᠨ ᠴᠢᠭ᠍ᠯᠡᠯ ᠳᠠᠭᠠᠤ ᠨᠠᠰᠤᠨ ᠤ᠋ ᠬᠢᠨᠢ ᠲᠣᠭ᠎ᠠ ᠨᠢᠭᠡᠪᠦᠷᠢ ᠶ᠋ᠢ ᠰᠠᠭᠤᠳᠠᠯ ᠨᠢᠭᠡᠪᠦᠷᠢ ᠳᠢ ᠬᠠᠷᠠᠭᠠᠯᠵᠠᠭᠤᠯᠤᠨ ᠲᠣᠭᠠᠯᠠᠵᠤ᠂ ᠡᠮ᠎ᠡ ᠬᠥᠮᠦᠨ ᠪᠣᠯ ᠤᠰᠤᠨ ᠰᠠᠭᠤᠳᠠᠯ ᠠ᠋ᠴᠠ ᠡᠬᠢᠯᠡᠨ ᠴᠠᠭ ᠤ᠋ᠨ ᠵᠡᠭᠦᠦ ᠶ᠋ᠢᠨ ᠡᠰᠡᠷᠭᠦ ᠴᠢᠭᠯᠡᠯ ᠳᠠᠭᠠᠤ ᠨᠠᠰᠤᠨ ᠤ᠋ ᠬᠢᠨᠢ ᠲᠣᠭ᠎ᠠ ᠶ᠋ᠢ ᠰᠠᠭᠤᠳᠠᠯ ᠨᠢᠭᠡᠪᠦᠷᠢ ᠳ᠋ᠦ᠍ ᠬᠠᠷᠠᠭᠠᠯᠵᠠᠭᠤᠯᠤᠨ ᠲᠣᠭᠠᠯᠠᠭᠠᠳ᠂ ᠨᠠᠰᠤᠨ ᠲᠣᠭ᠎ᠠ ᠳ᠋ᠤ᠌ ᠬᠠᠷᠠᠭᠠᠯᠵᠠᠭᠰᠠᠨ ᠬᠠᠮᠤᠭ ᠰᠡᠭᠦᠯ ᠦ᠋ᠨ ᠰᠠᠭᠤᠳᠠᠯ ᠪᠣᠯ ᠡᠨᠡᠬᠦ ᠬᠥᠮᠦᠨ ᠤ ᠡᠨᠡ ᠵᠢᠯ ᠣᠨ ᠡᠵᠡᠯᠡᠭᠰᠡᠨ ᠰᠠᠭᠤᠳᠠᠯ ᠪᠣᠯᠤᠨ᠎ᠠ᠃ ᠡᠭᠦᠨ ᠳ᠋ᠦ᠍ ᠨᠠᠰᠤᠨ ᠲᠣᠭ᠎ᠠ ᠶ᠋ᠢ ᠴᠥᠮ ᠬᠡᠢ ᠨᠠᠰᠤ ᠪᠠᠷ ᠪᠣᠳᠣᠨ᠎ᠠ᠃  
      3  ᠨᠠᠢ᠍ᠮᠠᠨ ᠰᠠᠭᠤᠳᠠᠯ ᠤ᠋ᠨ ᠥᠪᠡᠷ ᠦ᠋ᠨ ᠨᠠᠢ᠍ᠮᠠᠨ ᠵᠦᠭ : ①ᠠᠮᠢ ᠶ᠋ᠢᠨ ᠵᠦᠭ ᠂ ② ᠡᠮ ᠦ᠋ᠨ ᠵᠦᠭ ᠂ ③ ᠬᠡᠰᠢᠭ ᠦ᠋ᠨ ᠵᠦᠭ᠂ ④ ᠬᠡᠢᠮᠣᠷᠢ ᠶ᠋ᠢᠨ ᠵᠦᠭ᠂ ⑤ ᠬᠣᠣᠷᠯᠠᠯ ᠤ᠋ᠨ ᠵᠦᠭ᠂ ⑥ ᠴᠢᠳᠬᠥᠷ ᠦ᠋ᠨ ᠵᠦᠭ : ⑦ ᠪᠡᠶ᠎ᠡ ᠲᠠᠰᠤᠷᠠᠬᠤ ᠵᠦᠭ ᠂ ⑧ ᠰᠢᠮᠨᠤᠰ ᠤ᠋ᠨ ᠵᠦᠭ ᠭᠡᠵᠦ ᠪᠠᠢᠬᠤ ᠪᠥᠭᠡᠳ ᠮᠥᠨ ᠳᠥᠷᠪᠡᠨ ᠵᠦᠭ ᠨᠠᠢ᠍ᠮᠠᠨ ᠵᠣᠪᠢᠬᠢᠰ ᠢ ᠵᠢᠭᠠᠳᠠᠭ᠃ ᠡᠭᠦᠨ ᠤ ᠳᠣᠲᠣᠷ᠎ᠠ ᠡᠮᠦᠨᠡᠬᠢ ᠳᠥᠷᠪᠡᠨ ᠵᠦᠭ ᠨᠢ ᠰᠠᠢᠨ᠂ ᠬᠣᠢᠨᠠᠬᠢ ᠳᠥᠷᠪᠡᠨ ᠵᠦᠭ ᠨᠢ ᠮᠠᠭᠤ ᠶᠤᠮ᠃ ᠡᠨᠡᠬᠦ ᠨᠠᠢ᠍ᠮᠠᠨ ᠵᠦᠭ ᠦ᠋ᠨ ᠰᠠᠭᠤᠳᠠᠯ ᠪᠤᠷᠢ ᠳ᠋ᠤ᠌ ᠲᠣᠬᠢᠶᠠᠯᠳᠤᠬᠤ ᠵᠦᠭ ᠨᠢ ᠪᠠᠰᠠ ᠠᠳᠠᠯᠢ ᠪᠢᠰᠢ ᠪᠢᠯᠨ᠃ ᠡᠭᠦᠨ ᠢ ᠮᠥᠨ ᠴᠠᠭ ᠤ᠋ᠨ ᠵᠡᠭᠦᠦ ᠶ᠋ᠢᠨ ᠡᠷᠭᠢᠯᠲᠡ ᠶ᠋ᠢᠨ ᠴᠢᠭᠯᠡᠯ ᠳᠠᠭᠠᠤ ᠡᠮᠦᠨ᠎ᠡ ᠵᠦᠭ ᠡᠴᠡ ᠡᠬᠢᠯᠡᠨ ᠡᠮᠦᠨ᠎ᠡ᠂ ᠪᠠᠷᠠᠭᠤᠨ ᠡᠮᠦᠨ᠎ᠡ᠂ ᠪᠠᠷᠠᠭᠤᠨ᠂ ᠪᠠᠷᠠᠭᠤᠨ ᠬᠣᠢᠨ᠎ᠠ᠂ ᠬᠣᠢᠨ᠎ᠠ᠂ ᠵᠡᠭᠦᠨ ᠬᠣᠢᠨ᠎ᠠ᠂ ᠵᠡᠭᠦᠨ᠂ ᠵᠡᠭᠦᠨ ᠡᠮᠦᠨ᠎ᠡ ᠭᠡᠬᠦ ᠳᠡᠰ ᠳᠠᠷᠠᠭ᠎ᠠ ᠪᠠᠷ ᠳᠣᠣᠷᠠᠬᠢ ᠮᠡᠲᠦ ᠵᠢᠭᠰᠠᠭᠠᠶ᠎ᠠ : 
     1 ᠭᠠᠯ ᠰᠠᠭᠤᠳᠠᠯ ᠤ᠋ᠨ ᠡᠮᠦᠨ᠎ᠡ ᠬᠡᠰᠢᠭ ᠵᠦᠭ᠂ ᠪᠠᠷᠠᠭᠤᠨ ᠡᠮᠦᠨ᠎ᠡ ᠪᠡᠶ᠎ᠡ ᠵᠦᠭ᠂ ᠪᠠᠷᠠᠭᠤᠨ ᠴᠢᠳᠬᠥᠷ ᠵᠦᠭ᠂ ᠪᠠᠷᠠᠭᠤᠨ ᠬᠣᠢᠨ᠎ᠠ ᠰᠢᠮᠨᠤᠰ ᠵᠦᠭ᠂ ᠬᠣᠢᠨ᠎ᠠ ᠡᠮ ᠵᠦᠭ ᠂ ᠵᠡᠭᠦᠨ ᠬᠣᠢᠨ᠎ᠠ ᠬᠣᠣᠷᠯᠠᠯ ᠵᠦᠭ᠂ ᠵᠡᠭᠦᠨ ᠠᠮᠢ ᠵᠦᠭ᠂ ᠵᠡᠭᠦᠨ ᠡᠮᠦᠨ᠎ᠡ ᠬᠡᠢᠮᠣᠷᠢ ᠵᠦᠭ ᠪᠣᠯᠤᠨ᠎ᠠ᠃ 
     2 ᠰᠢᠷᠣᠢ ᠰᠠᠭᠤᠳᠠᠯ ᠤ᠋ᠨ ᠡᠮᠦᠨ᠎ᠡ ᠵᠦᠭ ᠪᠡᠶ᠎ᠡ᠂ ᠳᠠᠷᠠᠭᠠᠯᠠᠨ ᠬᠡᠰᠢᠭ᠂ ᠬᠡᠢᠮᠣᠷᠢ : ᠡᠮ᠂ ᠰᠢᠮᠨᠤᠰ᠂ ᠠᠮᠢ᠂ ᠬᠣᠣᠷᠯᠠᠯ᠂ ᠵᠡᠭᠦᠨ ᠡᠮᠦᠨ᠎ᠡ ᠴᠢᠳᠬᠥᠷ ᠵᠦᠭ ᠪᠣᠯᠤᠨ᠎ᠠ᠃ 
     3 ᠲᠡᠮᠦᠷ ᠰᠠᠭᠤᠳᠠᠯ ᠤ᠋ᠨ ᠡᠮᠦᠨ᠎ᠡ ᠵᠦᠭ ᠴᠢᠳᠬᠥᠷ᠂ ᠳᠠᠷᠠᠭᠠᠯᠠᠨ ᠬᠡᠢᠮᠣᠷᠢ᠂ ᠬᠡᠰᠢᠭ᠂ ᠠᠮᠢ᠂ ᠬᠣᠣᠷᠯᠠᠯ᠂ ᠡᠮ᠂ ᠰᠢᠮᠨᠤᠰ ᠵᠡᠭᠦᠨ ᠡᠮᠦᠨ᠎ᠡ ᠪᠡᠶ᠎ᠡ ᠵᠦᠭ ᠪᠣᠯᠤᠨ᠎ᠠ᠃ 
     4 ᠣᠭᠲᠠᠷᠭᠤᠢ ᠰᠠᠭᠤᠳᠠᠯ ᠤ᠋ᠨ ᠡᠮᠦᠨ᠎ᠡ ᠵᠦᠭ ᠰᠢᠮᠨᠤᠰ᠂ ᠳᠠᠷᠠᠭᠠᠯᠠᠨ ᠡᠮ᠂ ᠠᠮᠢ ᠬᠡᠰᠢᠭ᠂ ᠪᠡᠶ᠎ᠡ᠂ ᠬᠡᠢᠮᠣᠷᠢ᠂ ᠴᠢᠳᠬᠥᠷ᠂ ᠵᠡᠭᠦᠨ ᠡᠮᠦᠨ᠎ᠡ ᠬᠣᠣᠷᠯᠠᠯ ᠵᠦᠭ ᠪᠣᠯᠤᠨ᠎ᠠ᠃ 
     5 ᠤᠰᠤ ᠰᠠᠭᠤᠳᠠᠯ ᠤ᠋ᠨ ᠡᠮᠦᠨ᠎ᠡ ᠵᠦᠭ ᠡᠮ᠂ ᠳᠠᠷᠠᠭᠠᠯᠠᠨ ᠰᠢᠮᠨᠤᠰ᠂ ᠬᠣᠣᠷᠯᠠᠯ᠂ ᠪᠡᠶ᠎ᠡ᠂ ᠬᠡᠰᠢᠭ᠂ ᠴᠢᠳᠬᠥᠷ᠂ ᠬᠡᠢᠮᠣᠷᠢ᠂ ᠵᠡᠭᠦᠨ ᠠᠮᠤᠨ᠎ᠠ ᠠᠮᠢ ᠵᠦᠭ ᠪᠣᠯᠤᠨ᠎ᠠ᠃ 
     6 ᠠᠭᠤᠯᠠ ᠰᠠᠭᠤᠳᠠᠯ ᠤ᠋ᠨ ᠡᠮᠦᠨ᠎ᠡ ᠵᠦᠭ ᠬᠣᠣᠤᠷᠯᠠᠯ᠂ ᠳᠠᠷᠠᠭᠠᠯᠠᠨ ᠠᠮᠢ᠂ ᠡᠮ᠂ ᠬᠡᠢᠮᠣᠷᠢ᠂ ᠴᠢᠳᠬᠥᠷ᠂ ᠬᠡᠰᠢᠭ᠂ ᠪᠡᠶ᠎ᠡ᠂ ᠵᠡᠭᠦᠨ ᠡᠮᠦᠨ᠎ᠡ ᠰᠢᠮᠨᠤᠰ ᠵᠦᠭ ᠪᠣᠯᠤᠨ᠎ᠠ᠃ 
     7 ᠮᠣᠳᠣ ᠰᠠᠭᠤᠳᠠᠯ ᠤ᠋ᠨ ᠡᠮᠦᠨ᠎ᠡ ᠵᠦᠭ ᠠᠮᠢ᠂ ᠳᠠᠷᠠᠭᠠᠯᠠᠨ ᠬᠣᠣᠷᠯᠠᠯ᠂ ᠰᠢᠮᠨᠤᠰ᠂ ᠴᠢᠳᠬᠥᠷ᠂ ᠬᠡᠢᠮᠣᠷᠢ ᠪᠡᠶ᠎ᠡ᠂ ᠬᠡᠰᠢᠭ᠂ ᠵᠡᠭᠦᠨ ᠡᠮᠦᠨ᠎ᠠ ᠡᠮ ᠵᠦᠭ ᠪᠣᠯᠤᠨ᠎ᠠ᠃ 
     8 ᠬᠡᠢ ᠰᠠᠭᠤᠳᠠᠯ ᠤ᠋ᠨ ᠡᠮᠦᠨ᠎ᠡ᠂ ᠵᠦᠭ ᠬᠡᠢᠮᠣᠷᠢ᠂ ᠳᠠᠷᠠᠭᠠᠯᠠᠨ ᠴᠢᠳᠬᠥᠷ᠂ ᠪᠡᠶ᠎ᠡ᠂ ᠬᠣᠣᠷᠯᠠᠯ᠂ ᠠᠮᠢ᠂ ᠰᠢᠮᠨᠤᠰ᠂ ᠡᠮ᠂ ᠵᠡᠭᠦᠨ ᠡᠮᠦᠨ᠎ᠡ ᠬᠡᠰᠢᠭ ᠵᠦᠭ ᠪᠣᠯᠤᠨ᠎ᠠ᠃ ᠰᠢᠨ᠎ᠡ ᠵᠢᠯ ᠮᠥᠷ ᠭᠠᠷᠭᠠᠬᠤᠢ ᠳ᠋ᠤᠷ ᠤᠷᠢᠳᠠᠪᠡᠷ ᠠᠯᠢ ᠰᠠᠭᠤᠳᠠᠯ (ᠬᠦᠯᠢᠯ ᠪᠤᠶᠤ ᠣᠷᠣᠨ) ᠳ᠋ᠤ᠌ ᠰᠠᠭᠤᠭᠰᠠᠨ ᠢ᠋ᠶ᠋ᠠᠨ ᠣᠯᠵᠤ ᠳᠠᠬᠢᠨ ᠰᠠᠭᠤᠳᠠᠯ ᠤ᠋ᠨ ᠥᠪᠡᠷ ᠦ᠋ᠨ ᠨᠠᠢ᠍ᠮᠠᠨ ᠵᠦᠭ ᠢ ᠠᠩᠬᠠᠷᠴᠤ ᠵᠠᠪᠠᠯ ᠬᠡᠢᠮᠣᠷᠢ ᠵᠦᠭ ᠨᠢ ᠭᠠᠷᠴᠤ ᠶᠠᠪᠤᠪᠠᠯ ᠬᠡᠰᠢᠭ ᠵᠦᠭ ᠡᠴᠡ ᠨᠢ ᠪᠤᠴᠠᠵᠤ ᠢᠷᠡᠨ᠎ᠡ᠃ ᠡᠭᠦᠨ ᠢ ᠬᠡᠢᠮᠣᠷᠢ ᠵᠦᠭ ᠢ᠋ᠶ᠋ᠡᠨ ᠶᠠᠪᠤᠵᠤ ᠬᠡᠰᠢᠭ ᠢ᠋ᠶ᠋ᠡᠨ ᠬᠤᠷᠢᠶᠠᠵᠤ ᠢᠷᠡᠮᠦᠢ ᠭᠡᠳᠡᠭ᠃