ᠬᠠᠢᠷ᠎ᠠ ᠶᠢᠨ ᠤᠶᠠᠭ᠎ᠠ – ᠴᠣ ᠂ ᠣᠷᠱᠤᠨ Хайрын уяа – Чо ᠂ Оршин
ᠬᠠᠢᠷ᠎ᠠ ᠶᠢᠨ ᠤᠶᠠᠭ᠎ᠠ
ᠴᠡᠭᠡᠵᠢᠨ ᠳ᠋ᠡᠭᠡᠨ ᠬᠠᠢᠷ᠎ᠠ ᠲᠠᠢ ᠪᠤᠴᠠᠯ᠎ᠠ ᠪᠢ᠂
ᠰᠡᠷᠮᠡᠭᠦᠨ ᠪᠣᠳᠣᠯ ᠳ᠋ᠤ᠌ ᠰᠢᠯᠦᠭ ᠲᠡᠢ
ᠴᠡᠩᠬᠡᠷ ᠲᠠᠯ᠎ᠠ ᠳ᠋ᠠᠭᠠᠨ ᠤᠶᠠᠭ᠎ᠠ ᠲᠠᠢ ᠬᠠᠷᠢᠯ᠎ᠠ ᠪᠢ᠃
ᠲᠠᠪᠢ ᠳᠥᠭᠥᠭᠰᠡᠨ ᠴᠤ᠌ ᠠᠵᠠ ᠲᠠᠭᠠᠷᠠᠵᠤ
ᠲᠠᠷᠭᠤᠨ ᠤ᠋ ᠣᠪᠣᠭᠠᠨ ᠳ᠋ᠤ᠌ ᠬᠦᠷᠦᠭᠰᠡᠨ ᠰᠠᠨ
ᠲᠠᠪᠤ ᠵᠢᠷᠭᠤᠭᠠᠲᠠᠢ ᠬᠡᠦᠬᠡᠳ ᠨᠠᠰᠤᠨ ᠳ᠋ᠠᠭᠠᠨ
ᠲᠠᠴᠢᠭᠢᠨᠠᠵᠤ ᠶᠠᠪᠤᠭᠰᠠᠨ ᠢ᠋ᠶ᠋ᠠᠨ ᠮᠠᠷᠲᠠᠭ᠎ᠠ ᠦᠭᠡᠢ
ᠳᠠᠰᠤᠭᠰᠠᠨ ᠭᠠᠵᠠᠷ ᠮᠢᠨᠢ ᠭᠡᠬᠦ ᠡᠴᠡ
ᠲᠡᠷᠡ ᠤᠤ ᠳᠠ᠂ ᠰᠡᠳᠬᠢᠯ ᠤᠶᠠᠰᠤᠯᠠ
ᠳᠠᠩᠴᠢ ᠬᠠᠯᠠᠭᠤᠨ ᠪᠣᠳᠣᠭᠳᠠᠬᠤ ᠠ᠋ᠴᠠ
ᠲᠡᠢᠮᠦ ᠶᠦᠮ ᠤᠤ ᠳᠠ᠂ ᠪᠣᠳᠣᠯ ᠡᠭᠡᠨᠡᠭᠰᠢᠯᠡ
ᠲᠠᠷᠠᠭ ᠠᠢᠷᠠᠭ ᠰᠢᠭ᠋ ᠬᠥᠭᠡᠰᠦᠷᠡᠵᠦ ᠱᠠᠭᠢᠭᠰᠠᠨ
ᠲᠠᠷᠭᠤᠨ ᠨᠠᠭᠤᠷ ᠤ᠋ᠨ ᠬᠣᠢᠮᠣᠷ ᠳᠡᠨᠵᠢᠨ ᠳ᠋ᠦ᠍
ᠲᠠᠯ᠎ᠠ ᠶ᠋ᠢᠨ ᠢ᠋ᠶ᠋ᠡᠨ ᠣᠮᠣᠭᠯᠠᠩ ᠰᠦᠯᠳᠡ ᠨᠢ ᠪᠣᠯᠵᠤ
ᠳᠠᠨᠠᠭᠠᠷ ᠰᠡᠬᠦᠢᠨ᠎ᠡ᠂ ᠲᠠᠷᠭᠤᠨ ᠤ᠋ ᠣᠪᠣᠭ᠎ᠠ ᠮᠢᠨᠢ!
ᠠᠶᠠᠭ᠎ᠠ ᠲᠠᠢ ᠰᠦ ᠰᠢᠭ ᠲᠡᠭᠰᠢᠬᠡᠨ
ᠠᠢᠯ ᠵᠤᠨ ᠢ᠋ᠶ᠋ᠠᠨ ᠬᠦᠷᠢᠶᠡᠯᠡᠭᠦᠯᠦᠭᠰᠡᠨ
ᠠᠮᠠᠨ ᠬᠡᠰᠢᠭ ᠪᠡᠯᠭᠡᠳᠡᠯ ᠲᠡᠢ
ᠠᠯᠤᠰ ᠤ᠋ᠨ ᠲᠥᠰᠥᠪ ᠴᠡᠯᠭᠡᠷᠡᠭᠰᠡᠨ
ᠬᠣᠯᠠ ᠭᠦᠶᠦᠳᠡᠯ ᠦ᠋ᠨ ᠬᠤᠯᠠᠨ ᠴᠢᠬᠢᠲᠡᠢ ᠠᠳᠤᠭᠤᠳ
ᠬᠣᠲᠠ ᠪᠠᠷ ᠬᠣᠲᠠᠯᠠᠬᠤ ᠲᠦᠮᠡᠨ ᠢᠷᠠᠭᠠᠷ ᠬᠣᠨᠢᠳ
ᠬᠣᠲᠣᠭᠣᠷ ᠢ᠋ᠶ᠋ᠠᠷ ᠬᠡᠮᠵᠢᠬᠦ ᠮᠢᠩᠭᠠᠨ ᠪᠠᠷᠠᠭᠠᠨ ᠦᠬᠡᠷ
ᠬᠣᠩᠬᠣᠷ ᠪᠤᠯᠳᠤᠷᠤᠤ ᠪᠠᠷ ᠲᠠᠷᠬᠠᠭᠰᠠᠨ ᠣᠯᠠᠨ ᠰᠢᠷᠭᠠᠯ ᠲᠡᠮᠡᠭᠡᠳ
ᠲᠠᠷᠭᠤᠨ ᠤ᠋ ᠰᠦᠯᠳᠡ ᠶᠡᠬᠡ ᠣᠪᠣᠭ᠎ᠠ ᠮᠢᠨᠢ
ᠲᠠᠷᠭᠤᠨ ᠨᠠᠭᠤᠷ᠂ ᠥᠵᠢ ᠪᠠᠶᠠᠨ ᠨᠤᠲᠤᠭ ᠮᠢᠨᠢ!
ᠲᠠᠨᠢᠯ ᠤ᠋ᠨ ᠬᠤᠪᠢ᠂ ᠦᠷᠡᠰ ᠦ᠋ᠨ ᠨᠢᠭᠡ ᠪᠡᠷ ᠣᠮᠣᠭᠰᠢᠯᠠ ᠪᠢ
ᠲᠠᠩᠰᠤᠭᠬᠠᠨ ᠤᠶᠠᠩᠭ᠎ᠠ᠂ ᠬᠠᠢᠷ᠎ᠠ ᠶ᠋ᠢᠨ ᠤᠶᠠᠭ᠎ᠠ ᠲᠠᠢ ᠮᠣᠷᠳᠠᠯ᠎ᠠ ᠪᠢ
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 08
