ᠨᠠᠰᠤᠨ ᠤ᠋ ᠤᠷᠤᠰᠬᠠᠯНасны урсгал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠰᠤᠨ ᠤ᠋ ᠤᠷᠤᠰᠬᠠᠯНасны урсгал

ᠨᠠᠰᠤᠨ ᠤ᠋ ᠤᠷᠤᠰᠬᠠᠯНасны урсгал

ᠠᠩᠭᠢᠯᠠᠯ:ᠳᠠᠭᠤᠤ ᠬᠥᠭᠵᠢᠮ
2024-04-19

562

ᠨᠠᠰᠤᠨ ᠤ᠋ ᠤᠷᠤᠰᠬᠠᠯ

   ᠦᠭᠡ᠄  ᠪ· ᡀᠬᠠᠪᠠᠰᠥ᠋ᠷᠦᠩ
   ᠠᠶ᠎ᠠ᠄ ᠵ· ᠪᠠᠲᠤᠰᠦ᠋ᠬᠡ 
ᠲᠠᠯᠠᠮᠠᠨ ᠲᠡᠯᠡᠮᠡᠬᠦ ᠲᠤᠤᠯᠠ ᠶ᠋ᠢᠨ ᠳᠣᠯᠢᠶᠠᠨ ᠳ᠋ᠤ᠌ ᠨᠢ 
ᠲᠩᠷᠢ ᠶ᠋ᠢᠨ ᠵᠠᠭᠠᠳᠠᠰᠤ ᠪᠤᠲᠠᠷᠠᠵᠤ ᠤᠷᠤᠰᠤᠨ᠎ᠠ 
ᠲᠡᠷᠡ ᠮᠢᠨᠢ ᠲᠡᠷᠡ ᠮᠢᠨᠢ ᠲᠡᠷᠡ ᠮᠢᠨᠢ ᠭᠡᠭᠰᠡᠭᠡᠷ ᠶᠠᠪᠤᠲᠠᠯ᠎ᠠ 
ᠲᠡᠮᠡᠦᠯᠵᠦ ᠶᠠᠪᠤᠭᠰᠠᠨ ᠨᠠᠰᠤᠨ ᠤ᠋ ᠮᠢᠨᠢ ᠨᠠᠷᠠ ᠪᠤᠭᠤᠷᠤᠯᠲᠤᠵᠤ ᠤᠷᠤᠰᠤᠨ᠎ᠠ 

ᠠᠯᠳᠠᠷᠠᠨ ᠮᠢᠷᠠᠯᠵᠠᠬᠤ ᠲᠤᠤᠯᠠ ᠶ᠋ᠢᠨ ᠪᠣᠷᠭᠢᠶᠠᠨ ᠳ᠋ᠤ᠌ ᠨᠢ 
ᠠᠩᠭᠢᠷ ᠰᠠᠷᠠ ᠨᠢ ᠪᠤᠲᠠᠷᠠᠵᠤ ᠤᠷᠤᠰᠤᠨ᠎ᠠ 
ᠠᠮᠠᠷᠠᠭ ᠮᠢᠨᠢ ᠠᠮᠠᠷᠠᠭ ᠮᠢᠨᠢ ᠠᠮᠠᠷᠠᠭ ᠮᠢᠨᠢ ᠭᠡᠭᠰᠡᠭᠡᠷ ᠶᠠᠪᠤᠲᠠᠯ᠎ᠠ 
ᠠᠭᠠᠷᠬᠠᠵᠤ ᠶᠠᠪᠤᠭᠰᠠᠨ ᠨᠠᠰᠤᠨ ᠤ᠋ ᠨᠠᠮᠤᠷ ᠪᠤᠭᠤᠷᠤᠯᠲᠤᠵᠤ ᠤᠷᠤᠰᠤᠨ᠎ᠠ 

ᠭᠠᠯᠭᠢᠨ ᠬᠠᠯᠭᠢᠬᠤ ᠲᠤᠤᠯᠠ ᠶ᠋ᠢᠨ ᠬᠠᠷᠭᠢᠶ᠎ᠠ ᠳ᠋ᠤ᠌ ᠨᠢ
ᠭᠠᠵᠠᠷ ᠲᠩᠷᠢ ᠬᠣᠣᠰᠯᠠᠨ ᠤᠷᠤᠰᠤᠨ᠎ᠠ
ᠭᠠᠭᠴᠠ ᠮᠢᠨᠢ ᠭᠠᠭᠴᠠ ᠮᠢᠨᠢ ᠭᠠᠭᠴᠠ ᠮᠢᠨᠢ ᠭᠡᠭᠰᠡᠭᠡᠷ ᠶᠠᠪᠤᠲᠠᠯ᠎ᠠ
ᠭᠠᠢᠬᠠᠭᠤᠯᠵᠤ ᠶᠠᠪᠤᠭᠰᠠᠨ ᠨᠠᠰᠤᠨ ᠤ᠋ ᠮᠢᠨᠢ ᠨᠠᠷᠠ ᠪᠤᠭᠤᠷᠤᠯᠲᠤᠵᠤ ᠤᠷᠤᠰᠤᠨ᠎ᠠ

ᠠᠰᠠᠷᠯᠠᠨ ᠬᠠᠷᠠᠭᠳᠠᠬᠤ ᠠᠭᠤᠯᠠᠰ ᠤ᠋ᠨ ᠣᠷᠣᠢ ᠳ᠋ᠤ᠌ ᠨᠢ
ᠠᠯᠠᠭ ᠮᠠᠨᠠᠨ ᠲᠤᠨᠤᠷᠠᠵᠤ ᠤᠷᠤᠰᠤᠨ᠎ᠠ
ᠠᠯᠳᠠᠷᠠᠢ ᠮᠢᠨᠢ ᠠᠯᠳᠠᠷᠠᠢ ᠠᠯᠳᠠᠷᠠᠢ ᠮᠢᠨᠢ ᠭᠡᠭᠰᠡᠭᠡᠷ ᠶᠠᠪᠤᠲᠠᠯ᠎ᠠ
ᠠᠰᠠᠵᠤ ᠶᠠᠪᠤᠭᠰᠠᠨ ᠨᠠᠰᠤᠨ ᠤ᠋ ᠮᠢᠨᠢ ᠨᠠᠷᠠ ᠪᠤᠭᠤᠷᠤᠯᠲᠤᠵᠤ ᠤᠷᠤᠰᠤᠨ᠎ᠠ

ᠭᠠᠢᠬᠠᠭᠤᠯᠵᠤ ᠶᠠᠪᠤᠭᠰᠠᠨ ᠨᠠᠰᠤᠨ ᠤ᠋ ᠮᠢᠨᠢ ᠨᠠᠷᠠ ᠪᠤᠭᠤᠷᠤᠯᠲᠤᠵᠤ ᠤᠷᠤᠰᠤᠨ᠎ᠠ᠁

   ᠦᠰᠦᠭ ᠬᠠᠲᠠᠵᠤ ᠠᠮᠢᠯᠠᠭᠤᠯᠤᠭᠴᠢ᠄ ᠥᠨᠢᠮᠥ᠋ᠩᠬᠡ
   ᠬᠢᠨᠠᠭᠴᠢ᠄ ᠭᠡᠷᠡᠯ