ᠬᠥᠪᠪᠦᠮᠡᠯ ᠤᠰᠤᠨ ᠬᠦᠷᠰᠢХөвмөл усан хөрш ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠪᠪᠦᠮᠡᠯ ᠤᠰᠤᠨ ᠬᠦᠷᠰᠢХөвмөл усан хөрш

ᠬᠥᠪᠪᠦᠮᠡᠯ ᠤᠰᠤᠨ ᠬᠦᠷᠰᠢХөвмөл усан хөрш

2024-04-19

314

ᠬᠥᠪᠪᠦᠮᠡᠯ ᠤᠰᠤᠨ ᠬᠦᠷᠰᠢ

                ᠤᠰᠤᠨ ᠬᠥᠷᠰᠢ ᠶ᠋ᠢᠨ ᠢᠵᠠᠭᠤᠷ 
           ᠤᠰᠤᠨ ᠤ᠋ ᠣᠯᠠᠨ ᠨᠠᠰᠤᠲᠤ ᠤᠷᠭᠤᠮᠠᠯ᠃ ᠦᠨᠳᠦᠰᠦᠯᠢᠭ ᠡᠰᠢ ᠨᠢ ᠤᠯᠠᠭᠠᠨ ᠲᠣᠯᠪᠣ ᠲᠠᠢ᠃ ᠡᠰᠢ ᠨᠢ ᠴᠥᠭᠡᠬᠡᠨ ᠰᠠᠯᠠᠭ᠎ᠠ ᠲᠠᠢ᠂ ᠳ᠋ᠢᠶᠠᠮᠧᠲ᠋ᠷ ᠨᠢ 1—2mm᠃ ᠤᠰᠤᠨ ᠳ᠋ᠤ᠌ ᠵᠢᠪᠴᠦ ᠤᠷᠭᠤᠬᠤ ᠨᠠᠪᠴᠢ ᠨᠢ ᠶᠡᠷᠦ ᠳ᠋ᠡᠭᠡᠨ ᠨᠠᠪᠴᠢᠨ ᠤ᠋ ᠪᠠᠷᠢᠭᠤᠯ ᠰᠢᠭ᠋᠂ ᠰᠢᠷᠬᠡᠭ ᠬᠡᠯᠪᠡᠷᠢ ᠲᠡᠢ᠂ ᠬᠠᠶᠠ ᠪᠦᠷᠢᠨ ᠬᠥᠭᠵᠢᠯ ᠦᠭᠡᠢ ᠨᠠᠪᠴᠢᠨ ᠤ᠋ ᠢᠯᠲᠠᠰᠤ ᠲᠠᠢ᠂1—4cm  ᠤᠷᠲᠤ᠂ ᠢᠯᠡ ᠪᠤᠰᠤ3—5  ᠰᠤᠳᠠᠯ ᠲᠠᠢ᠂ ᠬᠥᠪᠬᠦ ᠨᠠᠪᠴᠢ ᠨᠢ ᠥᠷᠭᠡᠨ ᠵᠤᠤᠪᠠᠩ ᠪᠤᠶᠤ ᠲᠣᠩᠭᠣᠷᠠᠭᠤ ᠥᠨᠳᠡᠭᠡᠯᠵᠢᠨ᠂ 4—10cm ᠤᠷᠲᠤ᠂ 2—4cm ᠥᠷᠭᠡᠨ᠂25—37  ᠰᠤᠳᠠᠯ ᠲᠠᠢ᠂ ᠮᠤᠬᠤᠷ ᠦᠵᠦᠭᠦᠷ ᠲᠡᠢ᠂ ᠵᠢᠷᠦᠬᠡᠨ ᠬᠡᠯᠪᠡᠷᠢᠲᠦ ᠤᠭ ᠲᠠᠢ᠃ ᠨᠠᠪᠴᠢᠨ ᠤ᠋ ᠪᠠᠷᠢᠭᠤᠯ ᠨᠢ ᠨᠠᠪᠴᠢ ᠠ᠋ᠴᠠ ᠤᠷᠲᠤ᠂ ᠦᠵᠦᠭᠦᠷ ᠣᠷᠴᠢᠮ ᠳ᠋ᠤᠨᠢ ᠮᠠᠰᠢ ᠨᠢᠮᠭᠡᠨ ᠳᠠᠯᠠᠪᠴᠢ ᠲᠠᠢ᠃ ᠲᠣᠰᠬᠣᠭᠤᠷ ᠨᠠᠪᠴᠢ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ 5cm ᠣᠷᠴᠢᠮ ᠤᠷᠲᠤ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ 3—5cm ᠤᠷᠲᠤ᠂ ᠨᠡᠯᠢᠶᠡᠳ ᠢᠬᠴᠤ ᠪᠠᠢᠷᠢᠯᠠᠭᠰᠠᠨ ᠴᠡᠴᠡᠭ ᠦ᠋ᠳ ᠲᠡᠢ᠂ 5—10cm ᠤᠷᠲᠤ ᠶᠡᠷᠦᠩᠬᠡᠢ ᠪᠠᠷᠢᠭᠤᠯ ᠲᠠᠢ᠃ ᠴᠡᠴᠡᠭ ᠨᠢ ᠬᠣᠣᠰ ᠪᠡᠯᠭᠡ ᠲᠡᠢ᠂ ᠪᠠᠭᠯᠠᠭᠴᠢ ᠦᠭᠡᠢ᠃ ᠴᠡᠴᠡᠭ ᠦ᠋ᠨ ᠰᠢᠳᠠᠷ ᠨᠢ ᠳᠥᠷᠪᠡ᠂ ᠨᠣᠭᠣᠭᠠᠨ᠃ ᠡᠷ᠎ᠡ ᠲᠣᠭᠣᠷᠴᠣᠭ ᠨᠢ ᠳᠥᠷᠪᠡ᠂ ᠳᠣᠬᠢᠭᠤᠷ ᠦᠭᠡᠢ᠃ ᠤᠮᠠᠢ ᠶ᠋ᠢᠨ ᠬᠠᠯᠢᠰᠤ ᠨᠢ ᠳᠥᠷᠪᠡ᠂ ᠰᠠᠯᠤᠩᠭᠢ᠃ ᠤᠮᠠᠢ ᠨᠢ ᠨᠢᠭᠡ ᠲᠠᠰᠤᠭ ᠲᠠᠢ᠂ ᠨᠢᠭᠡ ᠦᠷ᠎ᠡ ᠨᠠᠬᠢᠶ᠎ᠠ ᠲᠠᠢ᠃ ᠵᠢᠵᠢᠭ ᠬᠠᠲᠠᠭᠤ ᠵᠢᠮᠢᠰ ᠨᠢ ᠲᠣᠩᠭᠣᠷᠠᠭᠤ ᠥᠨᠳᠡᠭᠡᠯᠵᠢᠨ᠂ 3—4mm ᠤᠷᠲᠤ᠂ 2.5—3mm ᠥᠷᠭᠡᠨ᠂ ᠠᠷᠤ ᠳ᠋ᠤᠨᠢ ᠭᠤᠯᠳᠤ ᠢᠷᠮᠡᠭ ᠲᠡᠢ᠂ ᠦᠵᠦᠭᠦᠷ ᠲᠤᠨᠢ ᠣᠬᠣᠷᠬᠠᠨ ᠥᠷᠭᠡᠨ ᠬᠣᠰᠢᠭᠤ ᠲᠠᠢ᠃ ᠭᠠᠳᠠᠷ ᠬᠠᠯᠢᠰᠤ ᠨᠢ ᠰᠡᠢᠮᠡᠬᠡᠢ ᠲᠤᠯᠠ ᠬᠡᠢ ᠬᠠᠳᠠᠭᠠᠯᠠᠳᠠᠭ᠂ ᠡᠢᠮᠦ ᠡᠴᠡ ᠪᠣᠯᠪᠠᠰᠤᠷᠠᠭᠰᠠᠨ ᠤ᠋ ᠰᠡᠭᠦᠯᠡᠷ ᠤᠰᠤᠨ ᠳ᠋ᠤ᠌ ᠬᠥᠪᠴᠦ ᠦᠷ᠎ᠡ ᠪᠡᠨ ᠲᠠᠷᠬᠠᠭᠠᠨ᠎ᠠ᠃
             ᠨᠠᠭᠤᠷ ᠴᠥᠭᠥᠷᠥᠮ᠂ ᠴᠣᠩᠬᠢᠶᠠᠯ᠂ ᠲᠤᠲᠤᠷᠭᠠᠨ ᠲᠠᠷᠢᠶ᠎ᠠ᠂ ᠭᠦᠢᠬᠡᠨ ᠭᠣᠣᠯ ᠤ᠋ᠨ ᠤᠰᠤᠨ ᠳ᠋ᠤ᠌ ᠤᠷᠭᠤᠨ᠎ᠠ᠃
          ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
               ᠬᠢᠲᠠᠳ ᠨᠡᠷ᠎ᠡ᠄浮叶眼子菜
               ᠠᠩᠭ᠌ᠯᠢ ᠨᠡᠷ᠎ᠡ᠄ Potamogeton natans L.

                      ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                       ᠬᠢᠨᠠᠭᠴᠢ᠄ ᠫᠣ· ᠴᠠᠭᠠᠨ