ᠠᠯᠢᠪᠠ ᠦᠢᠯᠡᠰ ᠡᠷᠬᠢᠯᠡᠬᠦ ᠰᠢᠨᠵᠢᠯᠡᠯ ᠪᠠ ᠰᠠᠢᠨ ᠡᠳᠦᠷ ᠰᠤᠩᠭᠤᠬᠤ Аливаа үйлс эрхлэх шинжлэл ба сайн өдөр сонгох
2. ᠰᠤᠷᠭᠠᠭᠤᠯᠢ ᠳ᠋ᠤ᠌ ᠣᠷᠣᠬᠤ ᠡᠳᠦᠷ : ᠬᠥᠬᠡ ᠨᠣᠬᠠᠢ ᠬᠥᠬᠡᠭᠴᠢᠨ ᠤᠯᠠᠭᠴᠢᠨ ᠭᠠᠬᠠᠢ᠂ ᠤᠯᠠᠭᠠᠨ ᠬᠤᠯᠤᠭᠠᠨ᠎ᠠ᠂ ᠬᠥᠬᠡᠭᠴᠢᠨ ᠬᠠᠷᠠᠭᠴᠢᠨ ᠤᠯᠠᠭᠴᠢᠨ ᠬᠣᠨᠢ᠂ ᠬᠥᠬᠡ ᠴᠠᠭᠠᠨ ᠪᠠᠷᠰ᠂ ᠬᠥᠬᠡ ᠤᠯᠠᠭᠠᠨ ᠴᠠᠭᠠᠨ ᠪᠡᠴᠢ᠂ ᠬᠥᠬᠡᠭᠴᠢᠨ ᠴᠠᠭᠠᠭᠴᠢᠨ ᠬᠠᠷᠠᠭᠴᠢᠨ ᠲᠠᠤᠯᠠᠢ᠂ ᠬᠥᠬᠡ ᠤᠯᠠᠭᠠᠨ ᠬᠠᠷ᠎ᠠ ᠯᠤᠤ᠂ ᠬᠥᠬᠡᠭᠴᠢᠨ ᠮᠣᠭᠠᠢ ᠤᠯᠠᠭᠠᠨ ᠮᠣᠷᠢ᠂ ᠴᠠᠭᠠᠭᠴᠢᠨ ᠲᠠᠬᠢᠶ᠎ᠠ ᠪᠠ ᠪᠦᠲᠦᠭᠡᠭᠴᠢ ᠲᠣᠭᠲᠠᠭᠠᠭᠴᠢ ᠨᠡᠭᠡᠭᠡᠭᠴᠢ ᠰᠠᠢᠨ᠂ ᠬᠠᠭᠠᠭᠴᠢ ᠡᠪᠳᠡᠭᠴᠢ ᠪᠠ ᠳᠥᠷᠪᠡᠨ ᠥᠯᠵᠡᠢ ᠦᠭᠡᠢ ᠡᠳᠦᠷ ᠢ ᠴᠡᠭᠡᠷᠯᠡ᠃
3. ᠤᠷᠤᠭ ᠨᠢᠭᠲᠠᠯᠠᠬᠤ ᠡᠳᠦᠷ : ᠰᠢᠷ᠎ᠠ ᠬᠠᠷ᠎ᠠ ᠬᠤᠯᠤᠭᠠᠨ᠎ᠠ᠂ ᠬᠥᠬᠡ ᠤᠯᠠᠭᠠᠨ ᠰᠢᠷ᠎ᠠ ᠪᠠᠷᠰ᠂ ᠬᠥᠬᠡᠭᠴᠢᠨ ᠤᠯᠠᠭᠴᠢᠨ ᠰᠢᠷᠬᠠᠴᠢᠨ ᠬᠠᠷᠠᠭᠴᠢᠨ ᠲᠠᠤᠯᠠᠢ᠂ ᠬᠠᠷ᠎ᠠ ᠯᠤᠤ᠂ ᠤᠯᠠᠭᠴᠢᠨ ᠬᠠᠷᠠᠭᠴᠢᠨ ᠮᠣᠭᠠᠢ᠂ ᠰᠢᠷ᠎ᠠ ᠮᠣᠷᠢ᠂ ᠤᠯᠠᠭᠠᠨ ᠨᠣᠬᠠᠢ ᠤᠯᠠᠭᠴᠢᠨ ᠰᠢᠷᠠᠭᠴᠢᠨ ᠬᠣᠨᠢᠨ ᠡᠳᠦᠷ ᠪᠣᠯᠤᠨ ᠭᠤᠷᠪᠠᠨ ᠤᠴᠠᠷᠳᠠᠯ᠂ ᠲᠣᠭᠲᠠᠭᠠᠭᠴᠢ ᠪᠦᠲᠦᠭᠡᠭᠴᠢ ᠡᠳᠦᠷ ᠰᠠᠢᠨ᠂ ᠶᠡᠬᠡ ᠵᠣᠪᠯᠠᠩᠲᠤ ᠡᠳᠦᠷ ᠬᠣᠬᠠ ᠬᠦᠯᠢᠭᠴᠢ᠂ ᠡᠵᠡᠯᠡᠭᠴᠢ ᠡᠪᠳᠡᠭᠴᠢ ᠡᠳᠦᠷ ᠢ ᠴᠡᠭᠡᠷᠯᠡ!
4. ᠭᠡᠷ ᠪᠠᠢᠭᠤᠯᠬᠤ ᠡᠳᠦᠷ : ᠬᠥᠬᠡ ᠰᠢᠷ᠎ᠠ ᠬᠠᠷ᠎ᠠ ᠬᠤᠯᠤᠭᠠᠨ᠎ᠠ᠂ ᠬᠥᠬᠡᠭᠴᠢᠨ ᠰᠢᠷᠠᠭᠴᠢᠨ ᠬᠠᠷᠠᠭᠴᠢᠨ ᠮᠣᠭᠠᠢ ᠴᠠᠭᠠᠭᠴᠢᠨ ᠦᠬᠡᠷ ᠬᠥᠬᠡ ᠰᠢᠷ᠎ᠠ ᠴᠠᠭᠠᠨ ᠪᠠᠷᠰ᠂ ᠰᠢᠷᠠᠭᠴᠢᠨ ᠬᠠᠷᠠᠭᠴᠢᠨ ᠲᠠᠤᠯᠠᠢ ᠬᠥᠬᠡ ᠰᠢᠷ᠎ᠠ ᠯᠤᠤ᠂ ᠬᠠᠷᠠᠭᠴᠢᠨ ᠰᠢᠷᠬᠠᠴᠢᠨ ᠬᠣᠨᠢ᠂ ᠬᠥᠬᠡ ᠰᠢᠷ᠎ᠠ ᠪᠡᠴᠢ᠂ ᠬᠠᠷᠠᠭᠴᠢᠨ ᠰᠢᠷᠠᠭᠴᠢᠨ ᠬᠥᠬᠡᠭᠴᠢᠨ ᠲᠠᠬᠢᠶ᠎ᠠ᠂ ᠰᠢᠷᠬᠠᠴᠢᠨ ᠴᠠᠭᠠᠭᠴᠢᠨ ᠭᠠᠬᠠᠢ ᠡᠳᠦᠷ ᠰᠠᠢᠨ᠃
5. ᠨᠢᠷᠤᠭᠤ ᠪᠤᠰᠬᠠᠬᠤ ᠡᠳᠦᠷ : ᠬᠥᠬᠡ ᠤᠯᠠᠭᠠᠨ ᠰᠢᠷ᠎ᠠ ᠴᠠᠭᠠᠨ ᠬᠤᠯᠤᠭᠠᠨ᠎ᠠ᠂ ᠬᠥᠬᠡᠭᠴᠢᠨ ᠴᠠᠭᠠᠭᠴᠢᠨ ᠦᠬᠡᠷ᠂ ᠤᠯᠠᠭᠴᠢᠨ ᠬᠠᠷᠠᠭᠴᠢᠨ ᠲᠠᠤᠯᠠᠢ᠂ ᠰᠢᠷ᠎ᠠ ᠴᠠᠭᠠᠨ ᠯᠤᠤ᠂ ᠬᠥᠬᠡ ᠴᠠᠭᠠᠨ ᠬᠠᠷ᠎ᠠ ᠮᠣᠷᠢ᠂ ᠴᠠᠭᠠᠭᠴᠢᠨ ᠬᠣᠨᠢ᠂ ᠬᠥᠬᠡ ᠤᠯᠠᠭᠠᠨ ᠬᠠᠷ᠎ᠠ ᠪᠡᠴᠢ ᠤᠯᠠᠭᠴᠢᠨ ᠲᠠᠬᠢᠶ᠎ᠠ᠂ ᠰᠢᠷᠠᠭᠴᠢᠨ ᠭᠠᠬᠠᠢ ᠡᠳᠦᠷ ᠰᠠᠢᠨ᠃
6. ᠬᠡᠢ ᠮᠣᠷᠢ ᠡᠳᠦᠷ᠄ ᠬᠤᠯᠤᠭᠠᠨ᠎ᠠ ᠯᠤᠤ ᠪᠡᠴᠢᠨ ᠵᠢᠯᠲᠠᠨ ᠤ ᠬᠡᠢ ᠮᠣᠷᠢ ᠬᠥᠬᠡ ᠪᠠᠷᠰ ᠡᠳᠦᠷ ᠪᠤᠰᠬᠠᠪᠠᠰᠤ ᠰᠠᠢᠨ᠂ ᠦᠬᠡᠷ ᠮᠣᠭᠠᠢ ᠲᠠᠬᠢᠶ᠎ᠠ ᠵᠢᠯᠲᠠᠨ ᠤ ᠬᠡᠢ ᠮᠣᠷᠢ ᠶ᠋ᠢ ᠬᠠᠷᠠᠭᠴᠢᠨ ᠭᠠᠬᠠᠢ ᠡᠳᠦᠷ ᠪᠤᠰᠬᠠᠪᠠᠯ ᠰᠠᠢᠨ᠂ ᠲᠠᠤᠯᠠᠢ ᠬᠣᠨᠢ ᠭᠠᠬᠠᠢ ᠵᠢᠯᠲᠡᠨ ᠦ᠌ ᠬᠡᠢ ᠮᠣᠷᠢ ᠶ᠋ᠢ ᠤᠯᠠᠭᠴᠢᠨ ᠮᠣᠭᠠᠢ ᠡᠳᠦᠷ ᠰᠠᠢᠨ᠂ ᠪᠠᠷᠰ ᠮᠣᠷᠢ ᠨᠣᠬᠠᠢ ᠵᠢᠯᠲᠡᠨ ᠦ᠌ ᠬᠡᠢ ᠮᠣᠷᠢ ᠶ᠋ᠢ ᠴᠠᠭᠠᠨ ᠪᠡᠴᠢᠨ ᠡᠳᠦᠷ ᠪᠤᠰᠬᠠᠪᠠᠯ ᠰᠠᠢᠨ᠃
7. ᠪᠠᠭᠠᠨ᠎ᠠ ᠲᠤᠯᠭᠠᠭᠤᠷᠢ ᠪᠤᠰᠬᠠᠬᠤ ᠡᠳᠦᠷ : ᠤᠯᠠᠭᠠᠨ ᠪᠠᠷᠰ᠂ ᠴᠠᠭᠠᠭᠴᠢᠨ ᠮᠣᠭᠠᠢ᠂ ᠰᠢᠷ᠎ᠠ ᠪᠠᠴᠢ᠂ ᠰᠢᠷᠬᠠᠴᠢᠨ ᠭᠠᠬᠠᠢ ᠡᠳᠦᠷ ᠪᠠ ᠳᠥᠷᠪᠡᠨ ᠣᠢ ᠡᠳᠦᠷ ᠪᠤᠰᠬᠠᠪᠠᠰᠤ ᠰᠠᠢᠨ᠃
8. ᠮᠠᠴᠢᠭ᠋ ᠠᠪᠬᠤ ᠰᠠᠢᠨ ᠡᠳᠦᠷ : ᠰᠢᠨ᠎ᠡ ᠶ᠋ᠢᠨ ᠨᠢᠭᠡᠨ ᠨᠠᠢ᠍ᠮᠠᠨ᠂ ᠠᠷᠪᠠᠨ ᠳᠥᠷᠪᠡᠨ ᠲᠠᠪᠤᠨ᠂ ᠬᠣᠷᠢᠨ ᠭᠤᠷᠪᠠᠨ ᠳᠥᠷᠪᠡᠨ ᠨᠠᠢ᠍ᠮᠠᠨ ᠶᠢᠰᠦᠨ ᠭᠤᠴᠢᠨ᠂ ᠪᠠᠭ᠎ᠠ ᠰᠠᠷ᠎ᠠ ᠪᠣᠯ ᠬᠣᠷᠢᠨ ᠳᠣᠯᠣᠭ᠎ᠠ ᠨᠠᠢ᠍ᠮᠠᠨ ᠶᠢᠰᠦᠨ ᠦ᠌ ᠡᠳᠦᠷ ᠰᠠᠢᠨ᠃
9. ᠲᠠᠢᠪᠤ ( ᠬᠥᠸᠸᠯᠢᠶᠠᠩ) ᠲᠠᠯᠪᠢᠬᠤ ᠰᠠᠢᠨ ᠡᠳᠦᠷ : ᠬᠥᠬᠡ ᠤᠯᠠᠭᠠᠨ ᠰᠢᠷ᠎ᠠ ᠴᠠᠭᠠᠨ ᠬᠤᠯᠤᠭᠠᠨ᠎ᠠ᠂ ᠬᠥᠬᠡᠭᠴᠢᠨ ᠴᠠᠭᠠᠭᠴᠢᠨ ᠬᠠᠷᠠᠭᠴᠢᠨ ᠦᠬᠡᠷ᠂ ᠬᠥᠬᠡᠭᠴᠢᠨ ᠤᠯᠠᠭᠴᠢᠨ ᠬᠠᠷᠠᠭᠴᠢᠨ ᠲᠠᠤᠯᠠᠢ᠂ ᠰᠢᠷ᠎ᠠ ᠴᠠᠭᠠᠨ ᠯᠤᠤ᠂ ᠤᠯᠠᠭᠴᠢᠨ ᠰᠢᠷᠬᠠᠴᠢᠨ ᠮᠣᠭᠠᠢ᠂ ᠬᠥᠬᠡ ᠴᠠᠭᠠᠨ ᠬᠠᠷ᠎ᠠ ᠮᠣᠷᠢ᠂ ᠤᠯᠠᠭᠴᠢᠨ ᠴᠠᠭᠠᠭᠴᠢᠨ ᠬᠠᠷᠠᠭᠴᠢᠨ ᠬᠣᠨᠢ᠂ ᠬᠥᠬᠡ ᠬᠠᠷ᠎ᠠ ᠪᠠᠷᠰ᠂ ᠤᠯᠠᠭᠴᠢᠨ ᠰᠢᠷᠬᠠᠴᠢᠨ ᠴᠠᠭᠠᠭᠴᠢ ᠲᠠᠬᠢᠶ᠎ᠠ᠂ ᠬᠥᠬᠡᠭᠴᠢᠨ ᠤᠯᠠᠭᠠᠴᠢᠨ ᠮᠣᠭᠠᠢ᠂ ᠰᠢᠷᠠᠭᠴᠢᠨ ᠴᠠᠭᠠᠭᠴᠢᠨ ᠬᠠᠷᠠᠭᠴᠢᠨ ᠭᠠᠬᠠᠢ ᠡᠳᠦᠷ ᠰᠠᠢᠨ᠃
10. ᠣᠷᠣ ᠰᠢᠷᠡᠭᠡ ᠪᠠᠢᠭᠤᠯᠬᠤ ᠡᠳᠦᠷ : ᠬᠥᠬᠡ ᠤᠯᠠᠭᠠᠨ ᠰᠢᠷ᠎ᠠ ᠴᠠᠭᠠᠨ ᠬᠤᠯᠤᠭᠠᠨ᠎ᠠ᠂ ᠬᠥᠬᠡᠭᠴᠢᠨ ᠤᠯᠠᠭᠠᠴᠢᠨ ᠦᠬᠡᠷ ᠲᠠᠤᠯᠠᠢ᠂ ᠬᠥᠬᠡᠭᠴᠢᠨ ᠰᠢᠷᠠᠭᠴᠢᠨ ᠬᠠᠷᠠᠭᠴᠢᠨ ᠮᠣᠭᠠᠢ᠂ ᠴᠠᠭᠠᠨ ᠰᠢᠷ᠎ᠠ ᠤᠯᠠᠭᠠᠨ ᠮᠣᠷᠢ᠂ ᠰᠢᠷᠬᠠᠴᠢᠨ ᠴᠠᠭᠠᠭᠴᠢᠨ ᠬᠣᠨᠢ᠂ ᠬᠥᠬᠡ ᠬᠠᠷ᠎ᠠ ᠪᠠᠷᠰ᠂ ᠬᠥᠬᠡ ᠤᠯᠠᠭᠠᠨ ᠴᠠᠭᠠᠨ ᠯᠤᠤ᠂ ᠬᠥᠬᠡᠭᠴᠢᠨ ᠤᠯᠠᠭᠴᠢᠨ ᠴᠠᠭᠠᠭᠴᠢᠨ ᠲᠠᠬᠢᠶ᠎ᠠ᠂ ᠬᠥᠬᠡ ᠬᠠᠷ᠎ᠠ ᠰᠢᠷ᠎ᠠ ᠴᠠᠭᠠᠨ ᠨᠣᠬᠠᠢ᠂ ᠤᠯᠠᠭᠴᠢᠨ ᠰᠢᠷᠬᠠᠴᠢᠨ ᠭᠠᠬᠠᠢ ᠨᠡᠭᠡᠭᠡᠭᠴᠢ ᠲᠦᠰᠢᠭᠴᠢ ᠡᠳᠦᠷ ᠰᠠᠢᠨ᠂ ᠡᠵᠡᠯᠡᠭᠴᠢ ᠲᠦᠪᠰᠢᠳᠬᠡᠭᠴᠢ ᠬᠤᠷᠢᠶᠠᠭᠴᠢ ᠪᠡᠴᠢᠨ ᠡᠳᠦᠷ ᠴᠡᠭᠡᠷᠯᠡ!
11. ᠨᠡᠬᠡᠮᠡᠯ ᠲᠡᠢ ᠰᠠᠢᠨ ᠡᠳᠦᠷ : ᠬᠥᠬᠡ ᠮᠣᠷᠢ ᠠᠷᠪᠠᠨ ᠤ᠋ ᠡᠳᠦᠷ ᠰᠠᠢᠨ᠂ ᠰᠢᠷ᠎ᠠ ᠪᠡᠴᠢᠨ ᠨᠠᠢ᠍ᠮᠠᠨ ᠤ᠋ ᠡᠳᠦᠷ ᠰᠠᠢᠨ᠂ ᠬᠥᠬᠡ ᠨᠣᠬᠠᠢ ᠵᠢᠷᠭᠤᠭᠠᠨ ᠤ᠋ ᠡᠳᠦᠷ ᠰᠠᠢᠨ᠂ ᠬᠥᠬᠡ ᠬᠤᠯᠤᠭᠠᠨ᠎ᠠ ᠰᠢᠷᠠᠭᠴᠢᠨ ᠬᠣᠨᠢ ᠭᠤᠷᠪᠠᠨ ᠤ᠋ ᠡᠳᠦᠷ ᠰᠠᠢᠨ᠂ ᠬᠠᠷ᠎ᠠ ᠯᠤᠤ ᠴᠠᠭᠠᠨ ᠮᠣᠷᠢ ᠰᠢᠷᠬᠠᠴᠢᠨ ᠦᠬᠡᠷ ᠨᠢᠭᠡᠨ ᠦ᠌ ᠡᠳᠦᠷ ᠰᠠᠢᠨ᠃
12. ᠰᠠᠩ ᠬᠥᠮᠥᠷᠭᠡ ᠪᠠᠢᠭᠤᠯᠬᠤ ᠡᠳᠦᠷ : ᠬᠠᠪᠤᠷ ᠤ᠋ᠨ ᠤᠯᠠᠭᠴᠢᠨ ᠰᠢᠷᠠᠭᠴᠢᠨ ᠮᠣᠭᠠᠢ᠂ ᠬᠥᠬᠡ ᠬᠠᠷ᠎ᠠ ᠮᠣᠷᠢᠨ ᠡᠳᠦᠷ᠂ ᠵᠤᠨ ᠰᠢᠷᠬᠠᠴᠢᠨ ᠮᠣᠭᠠᠢ ᠬᠥᠬᠡᠭᠴᠢᠨ ᠭᠠᠬᠠᠢ ᠡᠳᠦᠷ᠂ ᠨᠠᠮᠤᠷ ᠤ᠋ᠨ ᠬᠥᠬᠡᠭᠴᠢᠨ ᠮᠣᠭᠠᠢ᠂ ᠬᠠᠷ᠎ᠠ ᠮᠣᠷᠢᠨ ᠡᠳᠦᠷ᠂ ᠡᠪᠦᠯ ᠦ᠋ᠨ ᠴᠠᠭᠠᠭᠴᠢᠨ ᠬᠥᠬᠡᠭᠴᠢᠨ ᠬᠣᠨᠢ ᠴᠠᠭᠠᠨ ᠪᠠᠷᠰ ᠤᠯᠠᠭᠠᠨ ᠬᠠᠷ᠎ᠠ ᠯᠤᠤ᠂ ᠬᠥᠬᠡᠭᠴᠢᠨ ᠭᠠᠬᠠᠢ ᠡᠳᠦᠷ ᠪᠠ ᠪᠦᠲᠦᠭᠡᠭᠴᠢ ᠨᠡᠭᠡᠭᠡᠭᠴᠢ᠂ ᠡᠳᠦᠷ ᠰᠠᠢᠨ᠃
13. ᠬᠥᠮᠥᠷᠭᠡ ᠵᠠᠰᠠᠬᠤ ᠡᠳᠦᠷ : ᠬᠥᠬᠡ ᠬᠤᠯᠤᠭᠠᠨ᠎ᠠ ᠬᠥᠬᠡᠭᠴᠢᠨ ᠦᠬᠡᠷ᠂ ᠤᠯᠠᠭᠠᠨ ᠪᠠᠷᠰ ᠤᠯᠠᠭᠴᠢᠨ ᠲᠠᠤᠯᠠᠢ᠂ ᠬᠠᠷ᠎ᠠ ᠬᠥᠬᠡ ᠮᠣᠷᠢ᠂ ᠬᠥᠬᠡᠭᠴᠢᠨ ᠬᠣᠨᠢ ᠪᠠ ᠳᠡᠭᠦᠷᠡᠭᠴᠢ ᠡᠳᠦᠷ ᠰᠠᠢᠨ᠃
14. ᠢᠳᠡᠭᠡᠨ ᠦ᠌ ᠭᠡᠷ ᠪᠠᠢᠭᠤᠯᠬᠤ ᠡᠳᠦᠷ : ᠬᠥᠬᠡ ᠰᠢᠷ᠎ᠠ ᠤᠯᠠᠭᠠᠨ ᠪᠠᠷᠰ᠂ ᠰᠢᠷᠬᠠᠴᠢᠨ ᠮᠣᠭᠠᠢ᠂ ᠬᠥᠬᠡᠭᠴᠢᠨ ᠲᠠᠬᠢᠶ᠎ᠠ᠂ ᠬᠠᠷ᠎ᠠ ᠬᠤᠯᠤᠭᠠᠨ᠎ᠠ ᠪᠠ ᠲᠣᠭᠲᠠᠭᠠᠭᠴᠢ ᠪᠦᠲᠦᠭᠡᠭᠴᠢ ᠨᠡᠭᠡᠭᠡᠭᠴᠢ ᠡᠳᠦᠷ ᠰᠠᠢᠨ᠃
15. ᠭᠣᠯᠣᠮᠲᠠ ᠪᠠᠷᠢᠬᠤ ᠡᠳᠦᠷ : ᠬᠥᠬᠡ ᠬᠤᠯᠤᠭᠠᠨ᠎ᠠ᠂ ᠬᠥᠬᠡᠭᠴᠢᠨ ᠬᠠᠷᠠᠭᠴᠢᠨ ᠦᠬᠡᠷ᠂ ᠬᠥᠬᠡ ᠪᠠᠷᠰ᠂ ᠬᠠᠷ᠎ᠠ ᠯᠤᠤ᠂ ᠰᠢᠷᠠᠭᠴᠢᠨ ᠮᠣᠭᠠᠢ᠂ ᠴᠠᠭᠠᠨ ᠮᠣᠷᠢ᠂ ᠬᠠᠷᠠᠭᠴᠢᠨ ᠬᠣᠨᠢ᠂ ᠴᠠᠭᠠᠨ ᠪᠠᠴᠢ᠂ ᠬᠠᠷᠠᠭᠴᠢᠨ ᠲᠠᠬᠢᠶ᠎ᠠ᠂ ᠬᠥᠬᠡ ᠨᠣᠬᠠᠢ᠂ ᠬᠥᠬᠡ ᠴᠠᠭᠠᠨ ᠪᠡᠴᠢ᠂ ᠴᠠᠭᠠᠭᠴᠢᠨ ᠭᠠᠬᠠᠢ ᠡᠳᠦᠷ ᠰᠠᠢᠨ᠃
16. ᠴᠠᠴᠠᠷ ᠭᠡᠷ᠂ ᠳᠡᠪᠡᠯ ᠡᠰᠬᠡᠬᠦ ᠰᠠᠢᠨ ᠡᠳᠦᠷ : ᠬᠥᠬᠡ ᠤᠯᠠᠭᠠᠨ ᠰᠢᠷ᠎ᠠ ᠴᠠᠭᠠᠨ ᠬᠤᠯᠤᠭᠠᠨ᠎ᠠ᠂ ᠲᠠᠪᠤᠨ ᠥᠩᠭᠡ ᠶ᠋ᠢᠨ ᠦᠬᠡᠷ᠂ ᠬᠥᠬᠡ ᠤᠯᠠᠭᠠᠨ ᠰᠢᠷ᠎ᠠ ᠬᠠᠷ᠎ᠠ ᠯᠤᠤ ᠨᠣᠬᠠᠢ᠂ ᠬᠥᠬᠡᠭᠴᠢᠨ ᠰᠢᠷᠠᠭᠴᠢᠨ ᠬᠠᠷᠠᠭᠴᠢᠨ ᠮᠣᠭᠠᠢ ᠲᠠᠤᠯᠠᠢ᠂ ᠬᠠᠷᠠᠭᠴᠢᠨ ᠴᠠᠭᠠᠭᠴᠢᠨ ᠲᠠᠬᠢᠶ᠎ᠠ ᠬᠥᠬᠡᠭᠴᠢᠨ ᠤᠯᠠᠭᠴᠢᠨ ᠭᠠᠬᠠᠢ᠂ ᠬᠥᠬᠡ ᠴᠠᠭᠠᠨ ᠪᠠᠷᠰ᠂ ᠬᠥᠬᠡ ᠮᠣᠷᠢ᠂ ᠰᠢᠷ᠎ᠠ ᠤᠯᠠᠭᠠᠨ ᠪᠡᠴᠢ᠂ ᠬᠥᠬᠡᠭᠴᠢᠨ ᠬᠣᠨᠢ ᠵᠢᠴᠢ ᠪᠦᠲᠦᠭᠡᠭᠴᠢ ᠨᠡᠭᠡᠭᠡᠭᠴᠢ ᠡᠳᠦᠷ ᠰᠠᠢᠨ᠂ ᠲᠡᠭᠷᠢ ᠶ᠋ᠢᠨ ᠬᠤᠯᠠᠭᠠᠢ᠂ ᠭᠠᠯ ᠣᠳᠣᠨ᠂ ᠤᠷᠲᠤ ᠣᠬᠣᠷ ᠣᠳᠣᠨ ᠢ ᠴᠡᠭᠡᠷᠯᠡ᠃
17. ᠬᠤᠳᠠᠯᠳᠤᠭ᠎ᠠ ᠳᠡᠯᠭᠡᠬᠦ᠂ ᠡᠳ᠋ ᠲᠠᠸᠠᠷ ᠲᠥᠮᠥᠰᠥ ᠬᠣᠷᠢᠶᠠᠨ ᠠᠪᠬᠤ ᠡᠳᠦᠷ᠂ ᠲᠠᠪᠤᠨ ᠥᠩᠭᠡ ᠶ᠋ᠢᠨ ᠬᠤᠯᠤᠭᠠᠨ᠎ᠠ᠂ ᠬᠥᠬᠡᠭᠴᠢᠨ ᠦᠬᠡᠷ᠂ ᠬᠥᠬᠡ ᠤᠯᠠᠭᠠᠨ ᠴᠠᠭᠠᠨ ᠪᠠᠷᠰ᠂ ᠬᠥᠬᠡ ᠨᠣᠬᠠᠢ ᠰᠢᠷᠬᠠᠴᠢᠨ ᠮᠣᠭᠠᠢ᠂ ᠬᠥᠬᠡᠭᠴᠢᠨ ᠰᠢᠷᠠᠭᠴᠢᠨ ᠴᠠᠭᠠᠭᠴᠢᠨ ᠬᠠᠷᠠᠭᠴᠢᠨ ᠬᠣᠨᠢ ᠲᠠᠤᠯᠠᠢ᠂ ᠤᠯᠠᠭᠠᠨ ᠬᠠᠷ᠎ᠠ ᠮᠣᠷᠢ᠂ ᠬᠥᠬᠡ ᠴᠠᠭᠠᠨ ᠪᠠᠴᠢ᠂ ᠬᠥᠬᠡᠭᠴᠢᠨ ᠰᠢᠷᠬᠠᠴᠢᠨ ᠭᠠᠬᠠᠢ᠂ ᠴᠠᠭᠠᠭᠴᠢᠨ ᠲᠠᠬᠢᠶ᠎ᠠ ᠪᠠ ᠪᠦᠲᠦᠭᠡᠭᠴᠢ ᠲᠦᠭᠦᠷᠡᠭᠴᠢ ᠨᠡᠭᠡᠭᠡᠭᠴᠢ ᠡᠳᠦᠷ ᠰᠠᠢᠨ᠃
18. ᠭᠡᠷ ᠪᠠᠢᠭᠤᠯᠵᠤ ᠬᠠᠷᠢᠯᠴᠠᠨ ᠬᠤᠳᠠᠯᠳᠤᠭ᠎ᠠ ᠬᠢᠬᠦ ᠡᠳᠦᠷ : ᠲᠠᠪᠤᠨ ᠥᠩᠭᠡ ᠶ᠋ᠢᠨ ᠬᠣᠨᠢ᠂ ᠤᠯᠠᠭᠴᠢᠨ ᠦᠬᠡᠷ᠂ ᠬᠥᠬᠡ ᠰᠢᠷ᠎ᠠ ᠪᠠᠴᠢ᠂ ᠬᠥᠬᠡᠭᠴᠢᠨ ᠴᠠᠭᠠᠭᠴᠢᠨ ᠬᠠᠷᠠᠭᠴᠢᠨ ᠲᠠᠤᠯᠠᠢ᠂ ᠬᠠᠷ᠎ᠠ ᠯᠤᠤ᠂ ᠴᠠᠭᠠᠨ ᠬᠠᠷ᠎ᠠ ᠬᠤᠯᠤᠭᠠᠨ᠎ᠠ ᠂ ᠬᠥᠬᠡ ᠪᠠᠷᠰ ᠴᠠᠭᠠᠭᠴᠢᠨ ᠲᠠᠬᠢᠢᠠ ᠪᠠ ᠲᠡᠭᠷᠢ ᠰᠠᠷ᠎ᠠ ᠶ᠋ᠢᠨ ᠡᠷᠳᠡᠮᠲᠦ ᠡᠳᠦᠷ ᠂ ᠪᠦᠲᠦᠭᠡᠭᠴᠢ ᠱᠠᠭᠢᠭᠴᠢ ᠡᠳᠦᠷ ᠰᠠᠢᠨ᠂ ᠤᠷᠲᠤ ᠣᠬᠣᠷ ᠣᠳᠣᠨ ᠡᠳᠦᠷ ᠢ ᠴᠡᠭᠡᠷᠯᠡ᠃
19. ᠬᠤᠳᠠᠯᠳᠤᠭ᠎ᠠ ᠬᠦᠯᠢᠶᠡᠬᠦ ᠡᠳᠦᠷ : ᠰᠢᠷᠬᠠᠴᠢᠨ ᠲᠠᠤᠯᠠᠢ ᠲᠠᠬᠢᠶ᠎ᠠ᠂ ᠤᠯᠠᠭᠠᠨ ᠨᠣᠬᠠᠢ ᠂ ᠬᠠᠷ᠎ᠠ ᠬᠥᠬᠡ ᠪᠠᠷᠰ᠂ ᠤᠯᠠᠭᠠᠴᠢᠨ ᠬᠣᠨᠢ ᠵᠢᠴᠢ ᠳᠡᠭᠦᠷᠡᠭᠴᠢ᠂ ᠪᠦᠲᠦᠭᠡᠭᠴᠢ ᠡᠳᠦᠷ ᠰᠠᠢᠨ᠃
20. ᠪᠠᠷᠠᠭ᠎ᠠ ᠬᠤᠷᠢᠶᠠᠬᠤ ᠪᠠ ᠵᠥᠭᠡᠭᠡᠨ ᠨᠡᠭᠦᠬᠦ ᠡᠳᠦᠷ : ᠬᠥᠬᠡ ᠬᠤᠯᠤᠭᠠᠨ᠎ᠠ᠂ ᠬᠥᠬᠡᠭᠴᠢᠨ ᠤᠯᠠᠭᠴᠢᠨ ᠬᠠᠷᠠᠭᠴᠢᠨ ᠦᠬᠡᠷ᠂ ᠤᠯᠠᠭᠠᠨ ᠰᠢᠷ᠎ᠠ ᠴᠠᠭᠠᠨ ᠬᠠᠷ᠎ᠠ ᠪᠠᠷᠰ᠂ ᠬᠥᠬᠡ ᠤᠯᠠᠭᠠᠨ ᠰᠢᠷ᠎ᠠ ᠬᠠᠷ᠎ᠠ ᠯᠤᠤ᠂ ᠤᠯᠠᠭᠠᠨ ᠴᠠᠭᠠᠨ ᠮᠣᠷᠢ᠂ ᠬᠥᠬᠡᠭᠴᠢᠨ ᠲᠠᠬᠢᠶ᠎ᠠ ᠬᠠᠷᠠᠭᠴᠢᠨ ᠤᠯᠠᠭᠴᠢᠨ ᠮᠣᠭᠠᠢ᠂ ᠬᠥᠬᠡᠭᠴᠢᠨ ᠬᠣᠨᠢ᠂ᠬᠠᠷᠠᠭᠴᠢᠨ ᠲᠠᠤᠯᠠᠢ᠂ ᠬᠠᠷ᠎ᠠ ᠨᠣᠬᠠᠢ᠂ ᠴᠠᠭᠠᠭᠴᠢᠨ ᠭᠠᠬᠠᠢ ᠡᠳᠦᠷ ᠰᠠᠢᠨ᠃
21. ᠲᠠᠷᠢᠶᠠᠯᠠᠩ ᠤ᠋ᠨ ᠭᠠᠵᠠᠷ ᠪᠠ ᠭᠡᠷ ᠬᠥᠷᠥᠩᠭᠡ ᠡᠠᠪᠬᠤ ᠡᠳᠦᠷ: ᠲᠠᠪᠤᠨ ᠥᠩᠭᠡ ᠶ᠋ᠢᠨ ᠬᠣᠨᠢ᠂ ᠤᠯᠠᠭᠠᠨ ᠬᠠᠷ᠎ᠠ ᠴᠠᠭᠠᠨ ᠬᠤᠯᠤᠭᠠᠨ᠎ᠠ᠂ ᠤᠯᠠᠭᠠᠴᠢᠨ ᠦᠬᠡᠷ᠂ ᠬᠠᠷ᠎ᠠ ᠮᠣᠷᠢ᠂ ᠬᠥᠬᠡ ᠰᠢᠷ᠎ᠠ ᠪᠠᠴᠢ᠂ ᠬᠥᠬᠡᠭᠴᠢᠨ ᠴᠠᠭᠠᠭᠴᠢᠨ ᠬᠠᠷᠠᠭᠴᠢᠨ ᠲᠠᠤᠯᠠᠢ᠂ ᠬᠠᠷ᠎ᠠ ᠯᠤᠤ᠂ ᠴᠠᠭᠠᠭᠴᠢᠨ ᠲᠠᠬᠢᠶ᠎ᠠ ᠵᠢᠴᠢ ᠪᠦᠲᠦᠭᠡᠭᠴᠢ ᠲᠣᠭᠲᠠᠭᠠᠭᠴᠢ ᠡᠳᠦᠷ ᠰᠠᠢᠨ᠃
22. ᠡᠳ᠋ ᠲᠠᠸᠠᠷ ᠥᠭᠬᠦ ᠪᠠ ᠥᠷᠢ ᠪᠤᠴᠠᠭᠠᠬᠤ ᠡᠳᠦᠷ : ᠤᠯᠠᠭᠠᠴᠢᠨ ᠦᠬᠡᠷ᠂ ᠬᠥᠬᠡᠭᠴᠢᠨ ᠴᠠᠭᠠᠭᠴᠢᠨ ᠲᠠᠬᠢᠶ᠎ᠠ᠂ ᠴᠠᠭᠠᠨ ᠯᠤᠤ ᠴᠠᠭᠠᠭᠴᠢᠨ ᠭᠠᠬᠠᠢ ᠂ᠬᠥᠬᠡᠭᠴᠢᠨ ᠲᠠᠤᠯᠠᠢ᠂ ᠴᠠᠭᠠᠨ ᠮᠣᠷᠢ᠂ ᠰᠢᠷᠠᠭᠴᠢᠨ ᠮᠣᠭᠠᠢ ᠵᠢᠴᠢ ᠪᠦᠲᠦᠭᠡᠭᠴᠢ ᠳᠡᠭᠦᠷᠡᠭᠴᠢ ᠡᠳᠦᠷ ᠰᠠᠢᠨ᠃
23. ᠡᠳ᠋ ᠲᠠᠸᠠᠷ ᠠᠪᠬᠤ ᠪᠠ ᠥᠷᠢ ᠬᠤᠷᠢᠶᠠᠬᠤ ᠡᠳᠦᠷ : ᠴᠠᠭᠠᠨ ᠬᠤᠯᠤᠭᠠᠨ᠎ᠠ᠂ ᠬᠥᠬᠡᠭᠴᠢᠨ ᠦᠬᠡᠷ ᠮᠣᠭᠠᠢ᠂ ᠬᠥᠬᠡ ᠴᠠᠭᠠᠨ ᠤᠯᠠᠭᠠᠨ ᠪᠠᠷᠰ᠂ ᠤᠯᠠᠭᠠᠨ ᠬᠠᠷ᠎ᠠ ᠮᠣᠷᠢ᠂ ᠴᠠᠭᠠᠭᠴᠢᠨ ᠲᠠᠬᠢᠶ᠎ᠠ ᠪᠠ ᠳᠡᠭᠦᠷᠡᠭᠴᠢ ᠬᠤᠷᠢᠶᠠᠭᠴᠢ ᠡᠳᠦᠷ ᠰᠠᠢᠨ᠃
24. ᠰᠠᠩ ᠬᠥᠮᠥᠷᠭᠡ ᠳ᠋ᠦ᠍ ᠲᠥᠮᠥᠰᠥ ᠬᠤᠷᠢᠶᠠᠬᠤ ᠡᠳᠦᠷ᠄ ᠴᠠᠭᠠᠨ ᠬᠠᠷ᠎ᠠ ᠮᠣᠷᠢ᠂ ᠰᠢᠷᠬᠠᠴᠢᠨ ᠬᠠᠷᠠᠭᠴᠢᠨ ᠲᠠᠤᠯᠠᠢ᠂ ᠰᠢᠷᠠᠭᠴᠢᠨ ᠦᠬᠡᠷ᠂ ᠴᠠᠭᠠᠭᠴᠢᠨ ᠮᠣᠭᠠᠢ᠂ ᠬᠠᠷᠠᠭᠴᠢᠨ ᠬᠣᠨᠢ᠂ ᠬᠥᠬᠡᠭᠴᠢᠨ ᠲᠠᠬᠢᠶ᠎ᠠ ᠴᠠᠭᠠᠨ ᠪᠠᠷᠰ ᠪᠢ ᠲᠡᠭᠷᠢ ᠰᠠᠷ᠎ᠠ ᠶ᠋ᠢᠨ ᠡᠷᠳᠡᠮᠲᠦ ᠵᠢᠴᠢ ᠲᠦᠪᠰᠢᠳ᠌ᠡᠬᠡᠭᠴᠢ ᠳᠡᠭᠦᠷᠡᠭᠴᠢ ᠪᠦᠲᠦᠭᠡᠭᠴᠢ ᠬᠤᠷᠢᠶᠠᠭᠴᠢ ᠡᠳᠦᠷ ᠰᠠᠢᠨ᠃
25. ᠥᠪ ᠬᠥᠷᠥᠩᠭᠡ ᠬᠤᠪᠢᠶᠠᠬᠤ ᠡᠳᠦᠷ : 1 ᠰᠠᠷ᠎ᠠ ᠶ᠋ᠢᠨ ᠰᠢᠷᠠᠭᠴᠢᠨ ᠬᠠᠷᠠᠭᠴᠢᠨ ᠲᠠᠤᠯᠠᠢ᠂ ᠤᠯᠠᠭᠠᠨ ᠬᠠᠷ᠎ᠠ ᠮᠣᠷᠢ᠂ 2 ᠰᠠᠷ᠎ᠠ ᠶ᠋ᠢᠨ ᠬᠥᠬᠡᠭᠴᠢᠨ ᠰᠢᠷᠬᠠᠴᠢᠨ ᠴᠠᠭᠠᠭᠴᠢᠨ ᠬᠠᠷᠠᠭᠴᠢᠨ ᠬᠣᠨᠢ᠂ ᠰᠢᠷᠠᠭᠴᠢᠨ ᠮᠣᠭᠠᠢ ᠭᠠᠬᠠᠢ᠂ 3 ᠰᠠᠷ᠎ᠠ ᠶ᠋ᠢᠨ ᠤᠯᠠᠭᠠᠨ ᠴᠠᠭᠠᠨ ᠬᠤᠯᠤᠭᠠᠨ᠎ᠠ᠂ ᠰᠢᠷᠠᠭᠴᠢᠨ᠂ ᠴᠠᠭᠠᠭᠴᠢᠨ ᠬᠠᠷᠠᠭᠴᠢᠨ ᠲᠠᠤᠯᠠᠢ᠂ 4ᠰᠠᠷ᠎ᠠ ᠬᠥᠬᠡᠭᠴᠢᠨ ᠦᠬᠡᠷ᠂ ᠴᠠᠭᠠᠨ ᠬᠠᠷ᠎ᠠ ᠮᠣᠷᠢ᠂ ᠴᠠᠭᠠᠭᠴᠢᠨ ᠭᠠᠬᠠᠢ᠂ ᠰᠢᠷᠠᠭᠴᠢᠨ ᠬᠠᠷᠠᠭᠴᠢᠨ ᠲᠠᠤᠯᠠᠢ᠂ 5 ᠰᠠᠷ᠎ᠠ ᠶ᠋ᠢᠨ ᠴᠠᠭᠠᠭᠴᠢᠨ ᠰᠢᠷᠬᠠᠴᠢᠨ ᠬᠣᠨᠢ᠂ ᠬᠥᠬᠡ ᠤᠯᠠᠭᠠᠨ ᠰᠢᠷ᠎ᠠ ᠯᠤᠤ᠂ 6 ᠰᠠᠷ᠎ᠠ ᠶ᠋ᠢᠨ ᠬᠥᠬᠡᠭᠴᠢᠨ ᠰᠢᠷᠬᠠᠴᠢᠨ ᠭᠠᠬᠠᠢ᠂ ᠰᠢᠷᠬᠠᠴᠢᠨ ᠴᠠᠭᠠᠭᠴᠢᠨ ᠬᠠᠷᠠᠭᠴᠢᠨ ᠲᠠᠤᠯᠠᠢ᠂ 7 ᠰᠠᠷ᠎ᠠ ᠶ᠋ᠢᠨ ᠤᠯᠠᠭᠠᠨ ᠰᠢᠷ᠎ᠠ ᠴᠠᠭᠠᠨ ᠬᠠᠷ᠎ᠠ ᠯᠤᠤ᠂ 8ᠰᠠᠷ᠎ᠠ ᠶ᠋ᠢᠨ ᠬᠥᠬᠡᠭᠴᠢᠨ ᠦᠬᠡᠷ ᠮᠣᠭᠠᠢ ᠂ ᠬᠥᠬᠡ ᠨᠣᠬᠠᠢ ᠂ᠬᠥᠬᠡᠭᠴᠢᠨ ᠬᠠᠷᠠᠭᠴᠢᠨ ᠭᠠᠬᠠᠢ᠂ ᠴᠠᠭᠠᠨ ᠪᠡᠴᠢ᠂9 ᠰᠠᠷ᠎ᠠ ᠶ᠋ᠢᠨ ᠤᠯᠠᠭᠠᠨ ᠴᠠᠭᠠᠨ ᠮᠣᠷᠢ ᠂ ᠴᠠᠭᠠᠭᠴᠢᠨ ᠲᠠᠬᠢᠶ᠎ᠠ᠂ 10 ᠰᠠᠷ᠎ᠠ ᠶ᠋ᠢᠨ ᠬᠥᠬᠡ ᠤᠯᠠᠭᠠᠨ ᠰᠢᠷ᠎ᠠ ᠴᠠᠭᠠᠨ ᠬᠤᠯᠤᠭᠠᠨ᠎ᠠ᠂ 11 ᠰᠠᠷ᠎ᠠ ᠶ᠋ᠢᠨ ᠲᠠᠪᠤᠨ ᠥᠩᠭᠡ ᠶ᠋ᠢᠨ ᠦᠬᠡᠷ ᠂ 12 ᠰᠠᠷ᠎ᠠ ᠶ᠋ᠢᠨ ᠬᠥᠬᠡᠭᠴᠢᠨ ᠴᠠᠭᠠᠭᠴᠢᠨ ᠬᠠᠷᠠᠭᠴᠢᠨ ᠲᠠᠤᠯᠠᠢ ᠂ ᠬᠠᠷ᠎ᠠ ᠴᠠᠭᠠᠨ ᠪᠠᠴᠢ ᠡᠳᠦᠷ ᠰᠠᠢᠨ ᠂ ᠲᠡᠭᠷᠢ ᠶ᠋ᠢᠨ ᠬᠤᠯᠠᠭᠠᠢ ᠂ᠲᠠᠰᠤᠯᠠᠴᠢ ᠨᠢᠭᠤᠭᠳᠠᠯ ᠰᠢᠨᠡᠳᠬᠡᠭᠴᠢ ᠡᠳᠦᠷ ᠢ ᠴᠡᠭᠡᠷᠯᠡ !
26. ᠠᠭᠤᠯᠠᠨ ᠤ᠋ ᠮᠣᠳᠣ ᠣᠭᠲᠣᠯᠬᠤ ᠰᠠᠢᠨ ᠡᠳᠦᠷ : ᠰᠢᠷᠬᠠᠴᠢᠨ ᠮᠣᠭᠠᠢ᠂ ᠬᠥᠬᠡ ᠤᠯᠠᠭᠴᠢᠨ ᠴᠠᠭᠠᠨ ᠬᠠᠷ᠎ᠠ ᠮᠣᠷᠢ᠂ ᠬᠥᠬᠡᠭᠴᠢᠨ ᠤᠯᠠᠭᠴᠢᠨ ᠴᠠᠭᠠᠭᠴᠢᠨ ᠬᠠᠷᠠᠭᠴᠢᠨ ᠬᠣᠨᠢ᠂ ᠲᠠᠪᠤᠨ ᠥᠩᠭᠡ ᠶ᠋ᠢᠨ ᠪᠠᠴᠢ᠂ ᠬᠥᠬᠡ ᠨᠣᠬᠠᠢ ᠬᠥᠬᠡᠭᠴᠢᠨ ᠲᠠᠤᠯᠠᠢ᠂ ᠬᠥᠬᠡᠭᠴᠢᠨ ᠰᠢᠷᠠᠭᠴᠢᠨ ᠴᠠᠭᠠᠭᠴᠢᠨ ᠲᠠᠬᠢᠶ᠎ᠠ ᠡᠳᠦᠷ ᠰᠠᠢᠨ᠃
27. ᠲᠠᠷᠢᠶ᠎ᠠ ᠲᠠᠷᠢᠬᠤ : ᠬᠥᠬᠡ ᠤᠯᠠᠭᠠᠨ ᠴᠠᠭᠠᠨ ᠬᠤᠯᠤᠭᠠᠨ᠎ᠠ ᠰᠢᠷᠬᠠᠴᠢᠨ ᠤᠯᠠᠭᠴᠢᠨ ᠬᠠᠷᠠᠭᠴᠢᠨ ᠴᠠᠭᠠᠭᠴᠢᠨ ᠦᠬᠡᠷ ᠮᠣᠭᠠᠢ ᠲᠠᠤᠯᠠᠢ ᠬᠠᠷᠠᠭᠴᠢᠨ ᠬᠥᠬᠡᠭᠴᠢᠨ ᠰᠢᠷᠠᠭᠴᠢᠨ ᠴᠠᠭᠠᠭᠴᠢᠨ ᠬᠣᠨᠢ ᠲᠠᠬᠢᠶ᠎ᠠ ᠭᠠᠬᠠᠢ ᠬᠠᠷ᠎ᠠ ᠬᠥᠬᠡ ᠰᠢᠷ᠎ᠠ ᠮᠣᠷᠢ ᠯᠤᠤ ᠡᠳᠦᠷ ᠰᠠᠢᠨ᠃
28. ᠤᠰᠤ ᠲᠣᠭᠲᠠᠭᠠᠬᠤ ᠰᠤᠪᠠᠭ ᠮᠠᠯᠲᠠᠬᠤ : ᠬᠥᠬᠡ ᠴᠠᠭᠠᠨ ᠬᠤᠯᠤᠭᠠᠨ᠎ᠠ᠂ ᠬᠥᠬᠡᠭᠴᠢᠨ ᠴᠠᠭᠠᠭᠴᠢᠨ ᠬᠠᠷᠠᠭᠴᠢᠨ ᠦᠬᠡᠷ ᠂ ᠬᠥᠬᠡ ᠪᠡᠴᠢ ᠂ ᠴᠠᠭᠠᠭᠴᠢᠨ ᠬᠠᠷᠠᠭᠴᠢᠨ ᠭᠠᠬᠠᠢ᠂ ᠬᠥᠬᠡᠭᠴᠢᠨ ᠬᠠᠷᠠᠭᠴᠢᠨ ᠮᠣᠭᠠᠢ᠂ ᠰᠢᠷ᠎ᠠ ᠨᠣᠬᠠᠢ᠂ ᠪᠦᠲᠦᠭᠡᠭᠴᠢ ᠨᠡᠭᠡᠭᠡᠭᠴᠢ ᠡᠳᠦᠷ ᠰᠠᠢᠨ᠃
29. ᠣᠭᠣᠷ ᠢᠩ ᠲᠡᠭᠡᠷᠡᠮ᠎ᠡ ᠪᠠᠢᠭᠤᠯᠬᠤ ᠡᠳᠦᠷ : ᠬᠥᠬᠡ ᠨᠣᠬᠠᠢ᠂ ᠴᠠᠭᠠᠨ ᠪᠠᠷᠰ ᠪᠠᠴᠢ ᠬᠤᠯᠤᠭᠠᠨ᠎ᠠ ᠮᠣᠷᠢ᠂ ᠬᠥᠬᠡᠭᠴᠢᠨ ᠭᠠᠬᠠᠢ᠂ ᠴᠠᠭᠠᠭᠴᠢᠨ ᠲᠠᠬᠢᠶ᠎ᠠ ᠡᠳᠦᠷ ᠰᠠᠢᠨ᠃
30. ᠬᠤᠳᠳᠤᠭ ᠮᠠᠯᠲᠠᠬᠤ ᠰᠠᠢᠨ ᠡᠳᠦᠷ : ᠬᠥᠬᠡ ᠴᠠᠭᠠᠨ ᠬᠤᠯᠤᠭᠠᠨ᠎ᠠ᠂ ᠬᠥᠬᠡ ᠮᠣᠷᠢ᠂ ᠬᠠᠷ᠎ᠠ ᠪᠠᠷᠰ᠂ ᠬᠥᠬᠡᠭᠴᠢᠨ ᠴᠠᠭᠠᠭᠴᠢᠨ ᠦᠬᠡᠷ᠂ ᠴᠠᠭᠠᠭᠴᠢᠨ ᠬᠠᠷᠠᠭᠴᠢᠨ ᠲᠠᠬᠢᠶ᠎ᠠ᠂ ᠬᠥᠬᠡᠭᠴᠢᠨ ᠮᠣᠭᠠᠢ᠂ ᠴᠠᠭᠠᠭᠴᠢᠨ ᠭᠠᠬᠠᠢ ᠡᠳᠦᠷ ᠰᠠᠢᠨ᠃
31. ᠬᠤᠳᠳᠤᠭ ᠵᠠᠰᠠᠬᠤ ᠡᠳᠦᠷ᠂ ᠴᠠᠭᠠᠨ ᠬᠤᠯᠤᠭᠠᠨ᠎ᠠ᠂ ᠴᠠᠭᠠᠭᠴᠢᠨ ᠬᠠᠷᠠᠭᠴᠢᠨ ᠦᠬᠡᠷ᠂ ᠬᠥᠬᠡ ᠪᠠᠴᠢ᠂ ᠬᠥᠬᠡᠭᠴᠢᠨ ᠤᠯᠠᠭᠴᠢᠨ ᠮᠣᠭᠠᠢ᠂ ᠴᠠᠭᠠᠨᠴᠢᠨ ᠭᠠᠬᠠᠢ ᠡᠳᠦᠷ ᠰᠠᠢᠨ᠃
32. ᠰᠤᠪᠠᠭ ᠮᠠᠯᠲᠠᠬᠤ ᠡᠳᠦᠷ : ᠬᠥᠬᠡ ᠬᠤᠯᠤᠭᠠᠨ᠎ᠠ᠂ ᠬᠥᠬᠡᠭᠴᠢᠨ ᠦᠬᠡᠷ᠂ ᠴᠠᠭᠠᠨ ᠯᠤᠤ᠂ ᠰᠢᠷᠬᠠᠴᠢᠨ ᠲᠠᠤᠯᠠᠢ᠂ ᠤᠯᠠᠭᠴᠢᠨ ᠦᠬᠡᠷ᠂ ᠬᠥᠬᠡ ᠤᠯᠠᠭᠠᠨ ᠰᠢᠷ᠎ᠠ ᠬᠠᠷ᠎ᠠ ᠪᠠᠴᠢ᠂ ᠰᠢᠷᠬᠠᠴᠢᠨ ᠴᠠᠭᠠᠭᠴᠢᠨ ᠬᠠᠷᠠᠭᠴᠢᠨ ᠲᠠᠬᠢᠶ᠎ᠠ᠂ ᠤᠯᠠᠭᠠᠨ ᠴᠠᠭᠠᠨ ᠬᠤᠯᠤᠭᠠᠨ᠎ᠠ᠂ ᠤᠯᠠᠭᠠᠨ ᠰᠢᠷ᠎ᠠ ᠨᠣᠬᠠᠢ᠂ ᠬᠠᠷᠠᠭᠴᠢᠨ ᠮᠣᠭᠠᠢ᠂ ᠬᠥᠬᠡ ᠮᠣᠷᠢ᠂ ᠰᠢᠷᠬᠠᠴᠢᠨ ᠭᠠᠬᠠᠢ ᠵᠢᠴᠢ ᠠᠷᠢᠯᠭᠠᠭᠴᠢ ᠡᠪᠳᠡᠭᠴᠢ ᠨᠡᠭᠡᠭᠡᠭᠴᠢ ᠡᠳᠦᠷ ᠰᠠᠢᠨ᠃ ᠡᠮᠡᠭᠲᠡᠢ ᠬᠥᠮᠦᠨ ᠬᠤᠷᠢᠶᠠᠭᠴᠢ ᠡᠳᠦᠷ ᠢ ᠴᠡᠭᠡᠷᠯᠡ᠃
33. ᠡᠪᠡᠰᠦ ᠬᠠᠳᠤᠬᠤ ᠮᠠᠯᠲᠠᠬᠤ ᠡᠳᠦᠷ : 1 ᠰᠠᠷᠠᠢᠨ ᠤᠯᠠᠭᠴᠢᠨ ᠲᠠᠤᠯᠠᠢ᠂ ᠬᠠᠷ᠎ᠠ ᠴᠠᠭᠠᠨ ᠮᠣᠷᠢ᠂ 2 ᠰᠠᠷᠠᠢᠨ ᠬᠥᠬᠡ ᠤᠯᠠᠭᠠᠨ ᠴᠠᠭᠠᠨ ᠬᠠᠷ᠎ᠠ ᠮᠣᠷᠢ᠂ 3 ᠰᠠᠷᠠᠢᠨ ᠬᠥᠬᠡ ᠬᠠᠷ᠎ᠠ ᠪᠡᠴᠢ᠂ 4 ᠰᠠᠷᠠᠢᠨ ᠬᠥᠬᠡ ᠴᠠᠭᠠᠨ ᠬᠤᠯᠤᠭᠠᠨ᠎ᠠ ᠬᠥᠬᠡᠭᠴᠢᠨ ᠬᠠᠷᠠᠭᠴᠢᠨ ᠦᠬᠡᠷ᠂ 5 ᠰᠠᠷᠠᠢᠨ ᠴᠠᠭᠠᠭᠴᠢᠨ ᠬᠠᠷᠠᠭᠴᠢᠨ ᠤᠯᠠᠭᠴᠢᠨ ᠲᠠᠤᠯᠠᠢ᠂ ᠬᠠᠷ᠎ᠠ ᠴᠠᠭᠠᠨ ᠮᠣᠷᠢ ᠂ ᠬᠥᠬᠡ ᠴᠠᠭᠠᠨ ᠬᠠᠷ᠎ᠠ ᠯᠤᠤ᠂ 6 ᠰᠠᠷᠠᠢᠨ ᠬᠥᠬᠡᠭᠴᠢᠨ ᠤᠯᠠᠭᠠᠴᠢᠨ ᠴᠠᠭᠠᠭᠴᠢᠨ ᠬᠠᠷᠠᠭᠴᠢᠨ ᠲᠠᠤᠯᠠᠢ᠂ ᠬᠥᠬᠡ ᠬᠠᠷ᠎ᠠ ᠤᠯᠠᠭᠠᠨ ᠪᠠᠴᠢ᠂ 7 ᠰᠠᠷᠠᠢᠨ ᠬᠥᠬᠡ ᠬᠤᠯᠤᠭᠠᠨ᠎ᠠ᠂ ᠲᠠᠪᠤᠨ ᠥᠩᠭᠡ ᠶ᠋ᠢᠨ ᠲᠠᠤᠯᠠᠢ᠂ ᠤᠯᠠᠭᠠᠨ ᠬᠠᠷ᠎ᠠ ᠮᠣᠷᠢ ᠂ ᠬᠠᠷ᠎ᠠ ᠬᠥᠬᠡ ᠯᠤᠤ᠂ 8 ᠰᠠᠷᠠᠢᠨ ᠬᠥᠬᠡᠭᠴᠢᠨ ᠬᠠᠷᠠᠭᠴᠢᠨ ᠦᠬᠡᠷ᠂ ᠬᠥᠬᠡ ᠬᠠᠷ᠎ᠠ ᠯᠤᠤ᠂ 9 ᠰᠠᠷᠠᠢᠨ ᠬᠥᠬᠡᠭᠴᠢᠨ ᠤᠯᠠᠭᠴᠢᠨ ᠴᠠᠭᠠᠭᠴᠢᠨ ᠬᠠᠷᠠᠭᠴᠢᠨ ᠲᠠᠤᠯᠠᠢ᠂ ᠤᠯᠠᠭᠠᠨ ᠴᠠᠭᠠᠨ ᠬᠠᠷ᠎ᠠ ᠮᠣᠷᠢ᠂ 10 ᠰᠠᠷᠠᠢᠨ ᠬᠥᠬᠡ ᠬᠤᠯᠣᠭᠣᠨᠠ ᠬᠥᠬᠡᠭᠴᠢᠨ ᠤᠯᠠᠭᠴᠢᠨ ᠲᠠᠤᠯᠠᠢ᠂ ᠤᠯᠠᠭᠠᠨ ᠴᠠᠭᠠᠨ ᠮᠣᠷᠢ᠂ ᠴᠠᠭᠠᠭᠴᠢᠨ ᠬᠣᠨᠢ᠂ 11 ᠰᠠᠷᠠᠢᠨ ᠰᠢᠷ᠎ᠠ ᠯᠤᠤ ᠰᠢᠷᠬᠠᠴᠢᠨ ᠮᠣᠭᠠᠢ᠂ ᠬᠥᠬᠡ ᠤᠯᠠᠭᠠᠨ ᠬᠠᠷ᠎ᠠ ᠪᠡᠴᠢ᠂ ᠬᠥᠬᠡᠭᠴᠢᠨ ᠬᠣᠨᠢ᠂ 12 ᠰᠠᠷᠠᠢᠨ ᠬᠥᠬᠡ ᠬᠠᠷ᠎ᠠ ᠤᠯᠠᠭᠠᠨ ᠴᠠᠭᠠᠨ ᠪᠠᠴᠢ᠂ ᠬᠥᠬᠡᠭᠴᠢᠨ ᠴᠠᠭᠠᠭᠴᠢᠨ ᠬᠣᠨᠢ᠂ ᠤᠯᠠᠭᠠᠨ ᠨᠣᠬᠠᠢ᠂ ᠰᠢᠷ᠎ᠠ ᠪᠡᠴᠢ ᠵᠢᠴᠢ ᠨᠡᠭᠡᠭᠡᠭᠴᠢ ᠲᠦᠪᠰᠢᠳᠬᠡᠭᠴᠢ ᠡᠳᠦᠷ ᠰᠠᠢᠨ᠃
34. ᠡᠮᠴᠢ ᠵᠠᠯᠠᠬᠤ ᠪᠠ ᠡᠪᠡᠳᠴᠢᠨ ᠦᠵᠡᠭᠦᠯᠬᠦ ᠡᠳᠦᠷ : ᠰᠢᠷᠬᠠᠴᠢᠨ ᠲᠠᠬᠢᠶ᠎ᠠ᠂ ᠤᠯᠠᠭᠠᠨ ᠰᠢᠷ᠎ᠠ ᠯᠤᠤ᠂ ᠲᠡᠭᠷᠢ ᠶ᠋ᠢᠨ ᠡᠮ ᠂ ᠰᠠᠬᠢᠭᠴᠢ ᠂ ᠪᠦᠲᠦᠭᠡᠭᠴᠢ ᠠᠷᠢᠯᠭᠠᠭᠴᠢ ᠨᠡᠭᠡᠭᠡᠭᠴᠢ ᠡᠳᠦᠷ ᠮᠠᠰᠢ ᠰᠠᠢᠨ᠃
35. ᠡᠮ ᠨᠠᠢᠷᠠᠭᠤᠯᠬᠤ ᠡᠳᠦᠷ : ᠰᠢᠷ᠎ᠠ ᠯᠤᠤ᠂ ᠪᠠᠷᠰ᠂ ᠰᠢᠷᠠᠭᠴᠢᠨ ᠮᠣᠭᠠᠢ᠂ ᠴᠠᠭᠠᠨ ᠤᠯᠠᠭᠠᠨ ᠮᠣᠷᠢ᠂ ᠬᠥᠬᠡ ᠬᠠᠷ᠎ᠠ ᠪᠠᠴᠢ᠂ ᠬᠥᠬᠡᠭᠴᠢᠨ ᠰᠢᠷᠬᠠᠴᠢᠨ ᠬᠣᠨᠢ᠂ ᠬᠥᠬᠡᠭᠴᠢᠨ ᠴᠠᠭᠠᠭᠴᠢᠨ ᠭᠠᠬᠠᠢ᠂ ᠤᠯᠠᠭᠠᠨ ᠨᠣᠬᠠᠢ᠂ ᠴᠠᠭᠠᠭᠴᠢᠨ ᠲᠠᠤᠯᠠᠢ ᠵᠢᠴᠢ ᠡᠪᠳᠡᠭᠴᠢ᠂ ᠠᠷᠢᠯᠭᠠᠭᠴᠢ ᠨᠡᠭᠡᠭᠡᠭᠴᠢ ᠡᠳᠦᠷ ᠰᠠᠢᠨ᠃
36. ᠡᠮ ᠤᠤᠭᠤᠬᠤ ᠡᠳᠦᠷ : ᠬᠥᠬᠡᠭᠴᠢᠨ ᠰᠢᠷᠠᠭᠴᠢᠨ ᠬᠠᠷ᠎ᠠ ᠪᠠᠷᠰ ᠡᠳᠦᠷ ᠰᠠᠢᠨ᠃
37. ᠬᠠᠰᠢᠶ᠎ᠠ ᠪᠠᠷᠢᠬᠤ ᠡᠳᠦᠷ : ᠬᠥᠬᠡ ᠤᠯᠠᠭᠠᠨ ᠴᠠᠭᠠᠨ ᠬᠤᠯᠤᠭᠠᠨ᠎ᠠ ᠂ ᠰᠢᠷᠬᠠᠴᠢᠨ ᠮᠣᠭᠠᠢ ᠂ ᠰᠢᠷ᠎ᠠ ᠴᠠᠭᠠᠨ ᠬᠠᠷ᠎ᠠ ᠮᠣᠷᠢ ᠴᠠᠭᠠᠨ ᠪᠠᠷᠰ᠂ ᠬᠥᠬᠡ ᠨᠣᠬᠠᠢ ᠂ ᠴᠠᠭᠠᠨ ᠰᠢᠷ᠎ᠠ ᠯᠤᠤ ᠂ ᠰᠢᠷᠬᠠᠴᠢᠨ ᠬᠠᠷᠠᠭᠴᠢᠨ ᠬᠣᠨᠢ ᠂ ᠬᠥᠬᠡᠭᠴᠢᠨ ᠭᠠᠬᠠᠢ ᠡᠳᠦᠷ ᠰᠠᠢᠨ᠃
38. ᠭᠥᠷᠥᠭᠡᠯᠡᠬᠦ ᠠᠪᠠᠯᠠᠬᠤ ᠡᠳᠦᠷ : ᠰᠠᠷ᠎ᠠ ᠶ᠋ᠢᠨ ᠠᠯᠠᠭᠴᠢ ᠳᠣᠭᠰᠢᠷᠠᠭᠴᠢ᠂ ᠳᠡᠭᠡᠳᠦ ᠰᠢᠨᠡᠳᠬᠡᠯ᠂ ᠬᠠᠷ᠎ᠠ ᠪᠠᠷᠰ᠂ ᠬᠠᠷᠠᠭᠴᠢᠨ ᠲᠠᠤᠯᠠᠢ ᠪᠠ ᠬᠢᠷᠠᠭᠤ ᠤᠨᠠᠬᠤ ᠠ᠋ᠴᠠ ᠬᠣᠢᠰᠢ ᠬᠠᠪᠤᠷ ᠤ᠋ᠨ ᠠᠭᠤᠷ ᠣᠷᠣᠬᠤ ᠠ᠋ᠴᠠ ᠡᠮᠦᠨ᠎ᠡ ᠰᠠᠬᠢᠭᠴᠢ ᠳᠡᠭᠦᠷᠡᠭᠴᠢ ᠬᠤᠷᠢᠶᠠᠭᠴᠢ ᠡᠳᠦᠷ ᠰᠠᠢᠨ᠃
39. ᠬᠥᠷᠥᠩᠭᠡ ᠢᠰᠬᠡᠬᠦ ᠡᠳᠦᠷ ᠄ ᠴᠠᠭᠠᠨ ᠬᠤᠯᠤᠭᠠᠨ᠎ᠠ᠂ ᠴᠠᠭᠠᠭᠴᠢᠨ ᠬᠥᠬᠡᠭᠴᠢᠨ ᠬᠣᠨᠢ᠂ ᠭᠤᠷᠪᠠᠨ ᠨᠢᠭᠤᠭᠳᠠᠯ ᠡᠳᠦᠷ ᠰᠠᠢᠨ᠂ ᠬᠥᠬᠡ ᠡᠳᠦᠷ ᠮᠠᠭᠤ᠃
40. ᠮᠣᠷᠢ ᠬᠤᠳᠠᠯᠳᠤᠨ ᠠᠪᠬᠤ ᠡᠳᠦᠷ : ᠬᠥᠬᠡᠭᠴᠢᠨ ᠲᠠᠬᠢᠶ᠎ᠠ ᠮᠣᠭᠠᠢ ᠭᠠᠬᠠᠢ᠂ ᠰᠢᠷ᠎ᠠ ᠬᠠᠷ᠎ᠠ ᠬᠤᠯᠤᠭᠠᠨ᠎ᠠ᠂ ᠬᠠᠷ᠎ᠠ ᠯᠤᠤ ᠰᠢᠷᠬᠠᠴᠢᠨ ᠬᠣᠨᠢ ᠪᠠ ᠪᠦᠲᠦᠭᠡᠭᠴᠢ ᠬᠤᠷᠢᠶᠠᠭᠴᠢ ᠡᠳᠦᠷ ᠰᠠᠢᠨ᠃
41. ᠦᠬᠡᠷ ᠬᠤᠳᠠᠯᠳᠤᠨ ᠠᠪᠬᠤ ᠡᠳᠦᠷ : ᠤᠯᠠᠭᠠᠨ ᠪᠠᠷᠰ ᠤᠯᠠᠭᠴᠢᠨ ᠦᠬᠡᠷ ᠲᠠᠬᠢᠶ᠎ᠠ᠂ ᠤᠯᠠᠭᠴᠢᠨ ᠴᠠᠭᠠᠭᠴᠢᠨ ᠲᠠᠤᠯᠠᠢ᠂ ᠴᠠᠭᠠᠨ ᠰᠢᠷ᠎ᠠ ᠮᠣᠷᠢ᠂ ᠬᠠᠷᠠᠭᠴᠢᠨ ᠬᠣᠨᠢ᠂ ᠬᠥᠬᠡ ᠪᠠᠴᠢ᠂ ᠰᠢᠷ᠎ᠠ ᠴᠠᠭᠠᠨ ᠬᠠᠷ᠎ᠠ ᠨᠣᠬᠠᠢ᠂ ᠴᠠᠭᠠᠭᠴᠢᠨ ᠭᠠᠬᠠᠢ᠂ ᠴᠠᠭᠠᠨ ᠬᠤᠯᠤᠭᠠᠨ᠎ᠠ ᠴᠠᠭᠠᠨ ᠰᠠᠷ᠎ᠠ ᠶ᠋ᠢᠨ ᠪᠠᠷᠰ᠂ ᠬᠤᠯᠤᠭᠠᠨ᠎ᠠ᠂ ᠨᠣᠬᠠᠢ᠂ ᠵᠢᠷᠭᠤᠭᠠᠨ ᠰᠠᠷ᠎ᠠ ᠶ᠋ᠢᠨ ᠭᠠᠬᠠᠢ ᠲᠠᠤᠯᠠᠢ ᠬᠣᠨᠢᠨ ᠡᠳᠦᠷ ᠰᠠᠢᠨ᠃
42. ᠮᠤᠤᠷ ᠪᠠ ᠨᠣᠬᠠᠨᠢ ᠬᠤᠳᠠᠯᠳᠤᠨ ᠠᠪᠬᠤ ᠡᠳᠦᠷ : ᠬᠥᠬᠡ ᠴᠠᠭᠠᠨ ᠬᠠᠷ᠎ᠠ ᠬᠤᠯᠤᠭᠠᠨ᠎ᠠ᠂ ᠬᠥᠬᠡᠭᠴᠢᠨ ᠦᠬᠡᠷ᠂ ᠤᠯᠠᠭᠠᠨ ᠴᠠᠭᠠᠨ ᠬᠠᠷ᠎ᠠ ᠮᠣᠷᠢ᠂ ᠤᠯᠠᠭᠠᠨ ᠯᠤᠤ ᠪᠠᠷᠰ ᠪᠠ ᠳᠡᠭᠦᠷᠡᠭᠴᠢ ᠡᠳᠦᠷ ᠰᠠᠢᠨ᠂ ᠨᠣᠬᠠᠢ ᠡᠳᠦᠷ ᠢ ᠴᠡᠭᠡᠷᠯᠡ!
43. ᠬᠠᠭᠤᠴᠢᠨ ᠬᠡᠭᠦᠷ ᠢ ᠬᠥᠳᠡᠯᠭᠡᠬᠦ ᠰᠠᠷ᠎ᠠ᠄ ᠴᠠᠭᠠᠨ ᠰᠠᠷ᠎ᠠ ᠳ᠋ᠤ᠌ ᠮᠠᠭᠤ ᠪᠦᠦ ᠬᠥᠳᠡᠯᠭᠡ᠃ ᠬᠣᠶᠠᠷ ᠰᠠᠷ᠎ᠠ ᠳ᠋ᠤ᠌ ᠰᠠᠢᠨ᠂ ᠪᠠᠷᠠᠭᠤᠨ ᠵᠦᠭ ᠡᠴᠡ ᠨᠢ ᠡᠬᠢᠯᠡᠨ ᠬᠥᠳᠡᠯᠭᠡ᠃ ᠭᠤᠷᠪᠠᠨ ᠰᠠᠷ᠎ᠠ ᠳ᠋ᠤ᠌ ᠮᠠᠭᠤ᠃ ᠳᠥᠷᠪᠡᠨ ᠰᠠᠷ᠎ᠠ ᠳ᠋ᠤ᠌ ᠰᠠᠢᠨ : ᠤᠮᠠᠷ᠎ᠠ ᠵᠦᠩ ᠡᠴᠡ ᠨᠢ ᠬᠥᠳᠡᠯᠭᠡ᠃ ᠲᠠᠪᠤ ᠵᠢᠷᠭᠤᠭ᠎ᠠ ᠳᠣᠯᠣᠭᠠᠨ ᠰᠠᠷ᠎ᠠ ᠮᠠᠭᠤ᠃ ᠨᠠᠢ᠍ᠮᠠᠨ ᠰᠠᠷ᠎ᠠ ᠳ᠋ᠤ᠌ ᠰᠠᠢᠨ᠂ ᠳᠣᠷᠣᠨ᠎ᠠ ᠵᠦᠭ ᠡᠴᠡ ᠨᠢ ᠡᠬᠢᠯᠡᠨ ᠬᠥᠳᠡᠯᠭᠡ᠃ ᠶᠢᠰᠦᠨ ᠰᠠᠷ᠎ᠠ ᠳ᠋ᠤ᠌ ᠮᠠᠭᠤ᠃ ᠠᠷᠪᠠ ᠠᠷᠪᠠᠨ ᠨᠢᠭᠡ ᠯᠡ ᠰᠠᠷ᠎ᠠ ᠳᠤ ᠪᠦᠷ ᠰᠠᠢᠨ᠂ ᠠᠷᠪᠠ ᠠᠷᠪᠠᠨ ᠨᠢᠭᠡ ᠰᠠᠷ᠎ᠠ ᠳ᠋ᠤ᠌ ᠤᠮᠠᠷ᠎ᠠ ᠵᠦᠭ ᠡᠴᠡ ᠨᠢ ᠬᠥᠳᠡᠯᠭᠡ᠂ ᠯᠡ ᠰᠠᠷ᠎ᠠ ᠳ᠋ᠤ᠌ ᠪᠠᠷᠠᠭᠤᠨ ᠠ᠋ᠴᠠ ᠨᠢ ᠬᠥᠳᠡᠯᠭᠡᠪᠡᠯ ᠳᠡᠭᠡᠳᠦ ᠰᠠᠢᠨ᠃
44. ᠰᠠᠷ᠎ᠠ ᠪᠦᠷᠢ ᠶ᠋ᠢᠨ ᠬᠡᠭᠦᠷ ᠣᠷᠣᠰᠢᠭᠤᠯᠬᠤ ᠰᠠᠢᠨ ᠡᠳᠦᠷ : 1 ᠰᠠᠷ᠎ᠠ ᠶ᠋ᠢᠨ ᠬᠠᠷᠠᠭᠴᠢᠨ ᠤᠯᠠᠭᠴᠢᠨ ᠰᠢᠷᠬᠠᠴᠢᠨ ᠴᠠᠭᠠᠭᠴᠢᠨ ᠲᠠᠬᠢᠶ᠎ᠠ᠂ ᠤᠯᠠᠭᠠᠨ ᠴᠠᠭᠠᠨ ᠬᠠᠷ᠎ᠠ ᠪᠠᠷᠰ ᠡᠳᠦᠷ᠃ 2 ᠰᠠᠷ᠎ᠠ ᠶ᠋ᠢᠨ ᠤᠯᠠᠭᠠᠨ ᠬᠠᠷ᠎ᠠ ᠪᠠᠷᠰ᠂ ᠬᠥᠬᠡ ᠤᠯᠠᠭᠠᠨ ᠴᠠᠭᠠᠨ ᠬᠠᠷ᠎ᠠ ᠪᠡᠴᠢᠨ᠂ ᠰᠢᠷᠬᠠᠴᠢᠨ ᠬᠣᠨᠢᠨ ᠡᠳᠦᠷ᠃ 3 ᠰᠠᠷ᠎ᠠ ᠶ᠋ᠢᠨ ᠴᠠᠭᠠᠨ ᠬᠠᠷ᠎ᠠ ᠤᠯᠠᠭᠠᠨ ᠮᠣᠷᠢ᠂ ᠬᠥᠬᠡ ᠤᠯᠠᠭᠠᠨ ᠴᠠᠭᠠᠨ ᠬᠠᠷ᠎ᠠ ᠪᠠᠴᠢ᠂ ᠴᠠᠭᠠᠭᠴᠢᠨ ᠬᠠᠷᠠᠭᠴᠢᠨ ᠤᠯᠠᠭᠴᠢᠨ ᠲᠠᠬᠢᠶ᠎ᠠ ᠡᠳᠦᠷ᠃ 4 ᠰᠠᠷ᠎ᠠ ᠶ᠋ᠢᠨ ᠲᠠᠪᠤᠨ ᠥᠩᠭᠡᠨ ᠦ᠌ ᠲᠠᠬᠢᠶ᠎ᠠ᠂ ᠬᠠᠷ᠎ᠠ ᠮᠣᠷᠢᠨ ᠡᠳᠦᠷ᠃ 5 ᠰᠠᠷ᠎ᠠ ᠶ᠋ᠢᠨ ᠬᠠᠷ᠎ᠠ ᠬᠥᠬᠡ ᠴᠠᠭᠠᠨ ᠤᠯᠠᠭᠠᠨ ᠪᠡᠴᠢᠨ᠂ ᠬᠥᠬᠡ ᠴᠠᠭᠠᠨ ᠪᠠᠷᠰ ᠡᠳᠦᠷ᠃ 6 ᠰᠠᠷ᠎ᠠ ᠶ᠋ᠢᠨ ᠬᠠᠷ᠎ᠠ ᠬᠥᠬᠡ ᠤᠯᠠᠭᠠᠨ ᠴᠠᠭᠠᠨ ᠪᠡᠴᠢ᠂ ᠬᠥᠬᠡᠭᠴᠢᠨ ᠴᠠᠭᠠᠭᠴᠢᠨ ᠬᠠᠷᠠᠭᠴᠢᠨ ᠲᠠᠬᠢᠶ᠎ᠠ᠂ ᠬᠥᠬᠡ ᠴᠠᠭᠠᠨ ᠬᠠᠷ᠎ᠠ ᠪᠠᠷᠰ ᠡᠳᠦᠷ᠃ 7 ᠰᠠᠷ᠎ᠠ ᠶ᠋ᠢᠨ ᠬᠠᠷᠠᠭᠴᠢᠨ ᠬᠥᠬᠡᠭᠴᠢᠨ ᠰᠢᠷᠠᠭᠴᠢᠨ ᠤᠯᠠᠨᠴᠢᠨ ᠲᠠᠬᠢᠶ᠎ᠠ᠂ ᠬᠠᠷ᠎ᠠ ᠤᠯᠠᠭᠠᠨ ᠬᠥᠬᠡ ᠪᠡᠴᠢ ᠡᠳᠦᠷ᠃ 8 ᠰᠠᠷ᠎ᠠ ᠶ᠋ᠢᠨ ᠤᠯᠠᠭᠠᠨ ᠬᠠᠷ᠎ᠠ ᠪᠠᠷᠰ ᠯᠤᠤ᠂ ᠬᠠᠷ᠎ᠠ ᠬᠥᠬᠡ ᠤᠯᠠᠭᠠᠨ ᠴᠠᠭᠠᠨ ᠪᠡᠴᠢᠨ᠂ ᠬᠥᠬᠡᠭᠴᠢᠨ ᠤᠯᠠᠭᠴᠢᠨ ᠮᠣᠭᠠᠢ ᠡᠳᠦᠷ᠃ 9 ᠰᠠᠷ᠎ᠠ ᠶ᠋ᠢᠨ ᠤᠯᠠᠭᠠᠨ ᠴᠠᠭᠠᠨ ᠬᠠᠷ᠎ᠠ ᠪᠠᠷᠰ᠂ ᠤᠯᠠᠭᠠᠨ ᠬᠠᠷ᠎ᠠ ᠮᠣᠷᠢᠨ ᠡᠳᠦᠷ᠃ 10 ᠰᠠᠷ᠎ᠠ ᠶ᠋ᠢᠨ ᠤᠯᠠᠭᠠᠨ ᠮᠣᠷᠢ ᠬᠤᠯᠤᠭᠠᠨ᠎ᠠ᠂ ᠬᠥᠬᠡ ᠤᠯᠠᠭᠠᠨ ᠯᠤᠤ ᠡᠳᠦᠷ᠃ 11 ᠰᠠᠷ᠎ᠠ ᠶ᠋ᠢᠨ ᠬᠠᠷ᠎ᠠ ᠬᠥᠬᠡ ᠴᠠᠭᠠᠨ ᠤᠯᠠᠭᠠᠨ ᠪᠡᠴᠢ ᠪᠠᠷᠰ᠂ ᠬᠠᠷ᠎ᠠ ᠬᠤᠯᠤᠭᠠᠨ᠎ᠠ᠂ ᠬᠥᠬᠡ ᠴᠠᠭᠠᠨ ᠤᠯᠠᠭᠠᠨ ᠪᠠᠴᠢ ᠪᠠᠷᠰ᠂ ᠬᠠᠷ᠎ᠠ ᠬᠤᠯᠤᠭᠠᠨ᠎ᠠ ᠬᠥᠬᠡ ᠯᠤᠤ ᠡᠳᠦᠷ᠃ 12 ᠰᠠᠷ᠎ᠠ ᠶ᠋ᠢᠨ ᠬᠠᠷ᠎ᠠ ᠬᠥᠬᠡ ᠴᠠᠭᠠᠨ ᠤᠯᠠᠭᠠᠨ ᠪᠡᠴᠢ᠂ ᠬᠠᠷᠠᠭᠴᠢᠨ ᠬᠥᠬᠡᠭᠴᠢᠨ ᠲᠠᠬᠢᠶ᠎ᠠ᠂ ᠬᠠᠷ᠎ᠠ ᠬᠥᠬᠡ ᠪᠠᠷᠰ ᠡᠳᠦᠷ᠂ ᠨᠠᠢ᠍ᠮᠠᠨ ᠰᠠᠭᠤᠳᠠᠯ ᠤ᠋ᠨ ᠣᠷᠣᠨ ᠡᠪᠳᠡᠷᠡᠬᠦ᠂ ᠡᠵᠡᠯᠡᠭᠴᠢ ᠡᠪᠳᠡᠭᠴᠢ ᠬᠤᠷᠢᠶᠠᠭᠴᠢ ᠡᠳᠦᠷ ᠢ ᠴᠡᠭᠡᠷᠯᠡ᠃
45. ᠭᠡᠷ ᠦ᠋ᠨ ᠰᠠᠬᠢᠭᠤᠰᠤ ᠶ᠋ᠢᠨ ᠰᠠᠭᠤᠬᠤ ᠵᠦᠭ : ᠴᠠᠭᠠᠨ ᠰᠠᠷ᠎ᠠ ᠭᠡᠷ ᠦ᠋ᠨ ᠪᠠᠷᠠᠭᠤᠨ ᠳ᠋ᠤᠷ ᠰᠠᠭᠤᠮᠤᠢ᠂ ᠲᠡᠷᠡ ᠵᠦᠭ ᠵᠠᠰᠠᠨ ᠡᠪᠳᠡᠪᠡᠰᠦ ᠭᠡᠮ ᠪᠣᠯᠬᠤ᠂ ᠬᠣᠶᠠᠷ ᠰᠠᠷ᠎ᠠ ᠭᠡᠷ ᠦ᠋ᠨ ᠨᠢᠷᠤᠭᠤ ᠪᠠᠭᠠᠨ᠎ᠠ ᠳ᠋ᠤ᠌ ᠰᠠᠭᠤᠮᠤᠢ᠃ ᠠᠷᠢᠯᠵᠢᠶᠠᠪᠠᠰᠤ ᠭᠤᠴᠢᠨ ᠬᠣᠶᠠᠷ ᠬᠣᠨᠣᠭ ᠲᠤ᠌ ᠭᠡᠮ ᠪᠣᠯᠬᠤ᠂ ᠭᠤᠷᠪᠠᠨ ᠰᠠᠷ᠎ᠠ ᠳᠤᠮᠳᠠ ᠪᠠᠭᠠᠨ᠎ᠠ ᠳ᠋ᠤ᠌ ᠰᠠᠭᠤᠮᠤᠢ᠂ ᠵᠠᠰᠠᠪᠠᠯ ᠠᠷᠪᠠᠨ ᠬᠣᠶᠠᠷ ᠬᠣᠨᠣᠭ ᠲᠤ᠌ ᠭᠡᠮ ᠪᠣᠯᠬᠤ᠃ ᠳᠥᠷᠪᠡᠨ ᠰᠠᠷ᠎ᠠ ᠭᠡᠷ ᠦ᠋ᠨ ᠵᠣᠪᠬᠢᠰ ᠲᠤ᠌ ᠰᠠᠭᠤᠮᠤᠢ᠂ ᠲᠡᠷᠡ ᠵᠦᠭ ᠲᠦ᠍ ᠵᠠᠰᠠᠪᠠᠰᠤ ᠨᠠᠢ᠍ᠮᠠᠨ ᠬᠣᠨᠣᠭ ᠲᠤ᠌ ᠭᠡᠮ ᠪᠣᠯᠬᠤ ᠲᠠᠪᠤᠨ ᠰᠠᠷ᠎ᠠ ᠵᠤᠤᠬᠠᠨ ᠳ᠋ᠤ᠌ ᠰᠠᠭᠤᠮᠤᠢ᠂ ᠵᠠᠰᠠᠬᠤ ᠪᠤᠵᠠᠷᠯᠠᠪᠠᠰᠤ ᠳᠥᠴᠢᠨ ᠬᠣᠨᠣᠭ ᠲᠤ᠌ ᠭᠡᠮ ᠪᠣᠯᠬᠤ᠃ ᠵᠢᠷᠭᠤᠭᠠᠨ ᠰᠠᠷ᠎ᠠ ᠪᠣᠰᠣᠭᠠᠨ ᠳ᠋ᠤ᠌ ᠰᠠᠭᠤᠮᠤᠢ᠂ ᠡᠪᠳᠡᠨ ᠵᠠᠰᠠᠪᠠᠰᠤ ᠬᠠᠭᠠᠯᠭ᠎ᠠ ᠪᠣᠱᠣᠭ᠎ᠠ ᠬᠤᠭᠤᠷᠠᠮᠤᠢ᠃ ᠳᠣᠯᠣᠭᠠᠨ ᠰᠠᠷ᠎ᠠ ᠭᠡᠷ ᠦ᠋ᠨ ᠬᠣᠢᠮᠣᠷ ᠰᠠᠭᠤᠮᠤᠢ᠂ ᠵᠠᠰᠠᠪᠠᠰᠤ ᠭᠡᠷ ᠦ᠋ᠨ ᠡᠵᠡᠨ ᠳ᠋ᠦ᠍ ᠮᠠᠭᠤ᠂ ᠨᠠᠢ᠍ᠮᠠᠨ ᠰᠠᠷ᠎ᠠ ᠵᠤᠤᠬ᠎ᠠ ᠶ᠋ᠢᠨ ᠵᠠᠪᠰᠠᠷ ᠰᠠᠭᠤᠮᠤᠢ᠂ ᠵᠠᠰᠠᠪᠠᠰᠤ ᠬᠡᠯᠡ ᠠᠮᠠ ᠪᠤᠶᠤ ᠡᠪᠡᠳᠴᠢᠨ ᠲᠠᠬᠤᠯ ᠪᠣᠯᠬᠤ᠃ ᠶᠢᠰᠦᠨ ᠰᠠᠷ᠎ᠠ ᠪᠠᠭᠠᠨ᠎ᠠ ᠲᠤᠯᠭᠠᠭᠤᠷᠢ ᠳ᠋ᠤ᠌ ᠰᠠᠭᠤᠮᠤᠢ᠂ ᠵᠠᠰᠠᠪᠠᠰᠤ ᠭᠡᠮ ᠬᠣᠣᠷ ᠢᠷᠡᠬᠦ᠃ ᠠᠷᠪᠠᠨ ᠰᠠᠷ᠎ᠠ ᠭᠡᠷ ᠦ᠋ᠨ ᠵᠣᠪᠬᠢᠰ ᠲᠤ᠌ ᠰᠠᠭᠤᠨ᠎ᠠ᠂ ᠵᠠᠰᠠᠪᠠᠰᠤ ᠬᠣᠷᠢᠨ ᠭᠤᠷᠪᠠᠨ ᠬᠣᠨᠣᠭ ᠲᠤ᠌ ᠭᠡᠮ ᠢᠷᠡᠬᠦ᠂ ᠠᠷᠪᠠᠨ ᠨᠢᠭᠡᠨ ᠰᠠᠷ᠎ᠠ ᠭᠡᠷ ᠦ᠋ᠨ ᠬᠤᠷᠢᠶᠠᠭᠰᠠᠨ ᠪᠠᠭᠠᠨ᠎ᠠ ᠳ᠋ᠤ᠌ ᠰᠠᠭᠤᠨ᠎ᠠ᠃ ᠵᠠᠰᠠᠪᠠᠯ ᠮᠠᠭᠤ ᠢᠷᠣ᠎ᠠ ᠲᠠᠢ᠂ ᠯᠠ ᠰᠠᠷ᠎ᠠ ᠭᠡᠷ ᠦ᠋ᠨ ᠬᠣᠢᠨ᠎ᠠ ᠵᠦᠭ ᠲᠦ᠍ ᠰᠠᠭᠤᠨ᠎ᠠ ᠵᠠᠰᠠᠪᠠᠯ ᠭᠡᠮ ᠪᠣᠯᠤᠨ᠎ᠠ᠃
46. ᠵᠢᠭᠠᠯ ᠬᠡᠦᠬᠡᠳ ᠦ᠋ᠨ ᠦᠰᠦ ᠶ᠋ᠢ ᠠᠪᠬᠤ ᠡᠳᠦᠷ : ᠰᠢᠨ᠎ᠡ ᠶ᠋ᠢᠨ ᠭᠤᠷᠪᠠᠨ᠎ᠠ ᠪᠠᠶᠠᠰᠬᠤ᠂ ᠰᠢᠨ᠎ᠡ ᠶ᠋ᠢᠨ ᠳᠦᠷᠪᠡᠨᠡ ᠪᠠᠶᠠᠯᠢᠭᠵᠢᠬᠤ᠂ ᠰᠢᠨ᠎ᠡ ᠶ᠋ᠢᠨ ᠲᠠᠪᠤᠨ᠎ᠠ ᠢᠳᠡᠭᠡᠨ ᠪᠣᠢ᠂ ᠰᠢᠨ᠎ᠡ ᠡᠢᠨ ᠳᠣᠯᠣᠭ᠎ᠠ ᠮᠠᠰᠢ ᠰᠠᠢᠨ᠂ ᠰᠢᠨ᠎ᠡ ᠶ᠋ᠢᠨ ᠨᠠᠢ᠍ᠮᠠᠨ ᠨᠠᠰᠤᠨ ᠤᠷᠲᠤ ᠪᠣᠯᠬᠤ᠂ ᠠᠷᠪᠠᠨ᠎ᠠ ᠢᠳᠡᠭᠡᠨ ᠬᠤᠪᠴᠠᠰᠤᠨ ᠪᠣᠢ᠂ ᠠᠷᠪᠠᠨ ᠨᠢᠭᠡᠨ᠎ᠡ ᠤᠬᠠᠭᠠᠨ ᠲᠣᠳᠣᠷᠠᠬᠤ᠂ ᠠᠷᠪᠠᠨ ᠭᠤᠷᠪᠠᠨ᠎ᠠ ᠮᠠᠰᠢ ᠦᠯᠵᠢ ᠲᠡᠢ᠂ ᠠᠷᠪᠠᠨ ᠳᠦᠷᠪᠡᠨᠡ ᠡᠳ᠋ ᠣᠯᠬᠤ᠂ ᠠᠷᠪᠠᠨ ᠲᠠᠪᠤᠨ᠎ᠠ ᠰᠠᠢᠨ᠂ ᠠᠷᠪᠠᠨ ᠵᠢᠷᠭᠤᠭᠠᠨ᠎ᠠ ᠲᠤᠰᠠ ᠲᠠᠢ᠂ ᠠᠷᠪᠠᠨ ᠳᠣᠯᠣᠭᠠᠨ ᠬᠣᠷᠢᠨ ᠭᠤᠷᠪᠠᠨ᠎ᠠ᠂ ᠮᠠᠰᠢ ᠰᠠᠢᠨ᠂ ᠬᠣᠷᠢᠨ ᠳᠦᠷᠪᠡᠨᠡ ᠡᠳ᠋ ᠳᠡᠯᠭᠡᠷᠡᠬᠦ᠂ ᠬᠣᠷᠢᠨ ᠵᠢᠷᠭᠤᠭᠠᠨ᠎ᠠ ᠰᠠᠢᠨ ᠠᠮᠤᠭᠤᠯᠠᠩ ᠪᠣᠯᠬᠤ᠂ ᠭᠡᠪᠡᠴᠦ ᠡᠳᠡᠭᠡᠷ ᠡᠳᠦᠷ ᠦ᠋ᠨ ᠳ᠋ᠦ᠍ ᠤᠯᠠᠭᠠᠨ ᠲᠣᠬᠢᠶᠠᠯᠳᠤᠪᠠᠰᠤ ᠴᠡᠭᠡᠷᠯᠡ᠂ ᠪᠤᠰᠤᠳ ᠡᠳᠦᠷ ᠢ ᠪᠢᠲᠡᠭᠡᠢ ᠬᠡᠷᠡᠭᠯᠡ ᠮᠠᠭᠤ᠃
47. ᠠᠯᠢᠪᠠ ᠮᠠᠯ ᠢ ᠢᠮᠨᠡᠬᠦ ᠴᠢᠮᠬᠢᠬᠦ ᠡᠳᠦᠷ : ᠠᠯᠢᠪᠠ ᠰᠠᠷ᠎ᠠ ᠶ᠋ᠢᠨ 1.3.14.15 ᠶ᠋ᠢ ᠬᠡᠷᠡᠭᠯᠡᠪᠡᠯ ᠨᠢᠭᠡ ᠡᠴᠡ ᠬᠣᠶᠠᠷ ᠪᠣᠯᠤᠨ ᠦᠷᠡᠵᠢᠬᠦ ᠰᠠᠢᠨ ᠃ 18.19.20.22.23.26.27 ᠶ᠋ᠢ ᠬᠡᠷᠡᠭᠯᠡᠪᠡᠯ ᠨᠢᠭᠡ ᠡᠴᠡ ᠠᠷᠪᠠ ᠪᠣᠯᠤᠨ ᠦᠷᠡᠵᠢᠬᠦ ᠰᠠᠢᠨ᠃ 12.13.16 ᠶ᠋ᠢ ᠬᠡᠷᠡᠭᠯᠡᠪᠡᠰᠦ ᠨᠢᠭᠡ ᠡᠴᠡ ᠳᠣᠯᠣᠭ᠎ᠠ ᠪᠣᠯᠤᠨ ᠦᠷᠡᠵᠢᠬᠦ ᠰᠠᠢᠨ᠃ ᠰᠢᠨ᠎ᠡ ᠶ᠋ᠢᠨ ᠲᠠᠪᠤᠨ ᠢ ᠬᠡᠷᠡᠭᠯᠡᠪᠡᠯ ᠲᠦᠮᠡ ᠪᠤᠮ ᠢ᠋ᠶ᠋ᠠᠷ ᠦᠷᠡᠵᠢᠬᠦ ᠬᠠᠮᠤᠭ ᠰᠠᠢᠨ᠃ ᠪᠤᠰᠤᠳ ᠡᠳᠦᠷ ᠨᠢ ᠪᠠᠶᠠᠰᠬᠤᠯᠠᠩ ᠦᠭᠡᠢ ᠬᠢᠴᠢᠶᠡᠨ ᠬᠡᠷᠡᠭᠯᠡ !
48. ᠠᠯᠢᠪᠠ ᠮᠠᠯ ᠤ᠋ᠨ ᠦᠰᠦ ᠬᠢᠷᠠᠭᠠᠬᠤ ᠡᠳᠦᠷ ᠢ ᠰᠣᠩᠭᠣᠬᠤ : ᠰᠢᠨ᠎ᠡ ᠶ᠋ᠢᠨ ᠨᠢᠭᠡᠨ᠎ᠡ ᠬᠡᠰᠢᠭ ᠵᠠᠢᠯᠠᠬᠤ᠂ ᠰᠢᠨ᠎ᠡ ᠶᠢᠨ ᠬᠣᠶᠠᠷ ᠮᠠᠭᠤ᠂ ᠰᠢᠨ᠎ᠡ ᠶ᠋ᠢᠨ ᠭᠤᠷᠪᠠᠨ ᠳᠡᠯᠭᠡᠷᠡᠬᠦ ᠰᠠᠢᠨ᠂ ᠳᠦᠷᠪᠡᠨᠡ ᠥᠩᠭᠡᠲᠡᠢ᠂ ᠲᠠᠪᠤᠨ᠎ᠠ ᠰᠦᠷᠲᠡᠢ ᠪᠣᠯᠬᠤ᠂ ᠵᠢᠷᠭᠤᠭᠠᠨ᠎ᠠ ᠳᠤᠮᠳᠠ ᠵᠡᠷᠭᠡ᠂ ᠠᠷᠪᠠᠨ ᠬᠣᠶᠠᠷ ᠦᠷᠡᠵᠢᠬᠦ᠂ ᠠᠷᠪᠠᠨ ᠭᠤᠷᠪᠠᠨ᠎ᠠ ᠪᠦᠭᠦᠳᠡ ᠰᠠᠢᠨ᠂ ᠠᠷᠪᠠᠨ ᠲᠠᠪᠤᠨ᠎ᠠ ᠥᠯᠵᠡᠢᠲᠡᠢ ᠠᠷᠪᠠᠨ ᠵᠢᠷᠭᠤᠭᠠᠨ᠎ᠠ ᠪᠠᠲᠤᠳᠬᠤ᠂ ᠠᠷᠪᠠ ᠶᠢᠰᠦᠨ᠎ᠡ ᠦᠷᠡᠵᠢᠬᠦ᠂ ᠬᠣᠷᠢᠨ ᠨᠢᠭᠡᠨ᠎ᠡ ᠰᠠᠢᠨ᠂ ᠬᠣᠷᠢᠨ ᠬᠣᠶᠠᠷ ᠠᠮᠤᠭᠤᠯᠠᠩ᠂ ᠬᠣᠷᠢᠨ ᠲᠠᠪᠤᠨ ᠬᠡᠰᠢᠭ ᠨᠡᠮᠡᠭᠳᠡᠬᠦ᠂ ᠬᠣᠷᠢᠨ ᠵᠢᠷᠭᠤᠭᠠᠨ ᠳ᠋ᠤ᠌ ᠣᠮᠣᠭ ᠨᠡᠮᠡᠭᠳᠡᠬᠦ ᠮᠠᠰᠢ ᠰᠠᠢᠨ᠂ ᠪᠤᠰᠤᠳ ᠡᠳᠦᠷ ᠦ᠋ᠳ ᠢ ᠴᠡᠭᠡᠷᠯᠡ᠃
49. ᠬᠠᠭᠠᠯᠭ᠎ᠠ ᠪᠠᠷᠢᠬᠤ ᠶ᠋ᠢᠨ ᠰᠢᠨᠵᠢᠯᠡᠯ : ᠰᠢᠨ᠎ᠡ ᠬᠠᠭᠠᠯᠭ᠎ᠠ ᠪᠠᠷᠢᠬᠤᠢ ᠳ᠋ᠤᠷ ᠭᠣᠣᠯ ᠭᠡᠷ ᠦ᠋ᠨ ᠰᠠᠷᠠᠪᠴᠢᠨ ᠤ᠋ ᠤᠰᠤ ᠳᠤᠰᠤᠯᠠᠭᠰᠠᠨ ᠭᠠᠵᠠᠷ ᠠ᠋ᠴᠠ ᠡᠬᠢᠯᠡᠵᠦ ᠊ ᠠᠯᠬᠤᠮ ᠤ᠋ᠨ ᠲᠣᠭ᠎ᠠ ᠪᠠᠷ ᠪᠣᠳᠣᠵᠤ ᠳᠠᠩ ᠲᠣᠭᠠᠨ ᠳ᠋ᠤᠨᠢ ᠲᠠᠭᠠᠷᠠᠭᠤᠯᠵᠤ ᠪᠡᠷᠢ᠃ ᠡᠭᠦᠨ ᠳ᠋ᠦ᠍ ᠳᠥᠷᠪᠡᠨ ᠲᠣᠬᠣᠢ ᠲᠠᠪᠤᠨ ᠢᠮᠠᠬᠤ ᠶ᠋ᠢ ᠨᠢᠭᠡ ᠠᠯᠬᠤᠮ ᠪᠣᠯᠭᠠᠵᠤ ᠲᠣᠭᠠᠯᠠ᠃ ᠥᠷᠥᠭᠡᠰᠦᠨ ᠢ᠋ᠶ᠋ᠡᠷ ᠣᠭᠲᠣᠯᠤᠭᠰᠠᠨ ᠦᠵᠦᠭᠦᠷ ᠬᠠᠭᠠᠯᠭ᠎ᠠ ᠪᠠᠷᠢᠪᠠᠰᠤ ᠡᠳ᠋ ᠲᠠᠸᠠᠷ ᠨᠡᠩ ᠨᠡᠮᠡᠬᠦ ᠳᠥᠷᠪᠡᠨ ᠵᠦᠭ ᠦ᠋ᠨ ᠬᠠᠭᠠᠯᠭ᠎ᠠ ᠪᠣᠯᠠᠢ᠃ ᠭᠡᠪᠡᠴᠦ ᠬᠠᠪᠤᠷ ᠤ᠋ᠨ ᠤᠯᠠᠷᠢᠯ ᠳ᠋ᠤᠷ ᠵᠡᠭᠦᠨ ᠵᠦᠭ ᠪᠢᠲᠡᠭᠡᠢ ᠬᠠᠭᠠᠯᠭ᠎ᠠ ᠪᠡᠷᠢ᠃ ᠵᠤᠨ ᠤ᠋ ᠤᠯᠠᠷᠢᠯ ᠳ᠋ᠤᠷ ᠡᠮᠦᠨ᠎ᠡ ᠵᠦᠭ ᠪᠢᠲᠡᠭᠡᠢ ᠬᠠᠭᠠᠯᠭ᠎ᠠ ᠲᠠᠸᠠᠷ ᠨᠡᠩ ᠨᠡᠮᠡᠬᠦ ᠳᠥᠷᠪᠡᠨ ᠵᠦᠭ ᠦ᠋ᠨ ᠬᠠᠭᠠᠯᠭ᠎ᠠ ᠪᠣᠯᠠᠢ᠃ ᠭᠡᠪᠡᠴᠦ ᠬᠠᠪᠤᠷ ᠤ᠋ᠨ ᠤᠯᠠᠷᠢᠯ ᠳ᠋ᠤ᠌ ᠵᠦᠭ ᠪᠢᠲᠡᠭᠡᠢ ᠬᠠᠭᠠᠯᠭ᠎ᠠ ᠪᠡᠷᠢ᠃ ᠵᠤᠨ ᠤ᠋ ᠤᠯᠠᠷᠢᠯ ᠳ᠋ᠤ᠌ ᠡᠮᠦᠨ᠎ᠡ ᠵᠦᠭ ᠪᠢᠲᠡᠭᠡᠢ ᠬᠠᠭᠠᠯᠭ᠎ᠠ ᠭᠠᠷᠭ᠎ᠠ᠃ ᠨᠠᠮᠤᠷ ᠤ᠋ᠨ ᠤᠯᠠᠷᠢᠯ ᠳ᠋ᠤ᠌ ᠪᠠᠷᠠᠭᠤᠨ ᠵᠦᠭ ᠪᠢᠲᠡᠭᠡᠢ ᠬᠠᠭᠠᠯᠭ᠎ᠠ ᠪᠡᠷᠢ᠃ ᠡᠪᠦᠯ ᠦ᠋ᠨ ᠤᠯᠠᠷᠢᠯ ᠤᠮᠠᠷ᠎ᠠ ᠵᠦᠭ ᠬᠠᠭᠠᠯᠭ᠎ᠠ ᠪᠤᠤ ᠭᠠᠷᠭ᠎ᠠ᠃ ᠬᠠᠭᠠᠯᠭ᠎ᠠ ᠪᠠᠷᠢᠬᠤ ᠶ᠋ᠢᠨ ᠤᠩᠰᠢᠭᠤ : ᠭᠤᠷᠪᠠᠨ ᠠᠯᠬᠤᠮ ᠳ᠋ᠤᠷ ᠭᠠᠷᠭᠠᠪᠠᠰᠤ ᠬᠠᠰ ᠣᠷᠳᠣᠨ ᠬᠡᠮᠡᠬᠦ᠂ ᠳᠥᠷᠪᠡᠨ ᠠᠯᠬᠤᠮ ᠳ᠋ᠤᠷ ᠬᠠᠷ᠎ᠠ ᠶᠠᠰᠤᠲᠤ ᠮᠡᠨᠡᠬᠡᠢ᠂ ᠲᠠᠪᠤᠨ ᠠᠯᠬᠤᠮ ᠳ᠋ᠤᠷ ᠬᠠᠯᠵᠢᠨ ᠦᠬᠡᠷ᠂ ᠵᠢᠷᠭᠤᠭᠠᠨ ᠠᠯᠬᠤᠮ ᠳ᠋ᠤᠷ ᠡᠪᠡᠳᠴᠢᠨ ᠦ᠌ ᠡᠵᠡᠨ᠂ ᠳᠣᠯᠣᠭᠠᠨ ᠠᠯᠬᠤᠮ ᠳ᠋ᠤᠷ ᠠᠯᠲᠠᠨ ᠣᠷᠳᠣᠨ᠂ ᠨᠠᠢ᠍ᠮᠠᠨ ᠠᠯᠬᠤᠮ ᠳ᠋ᠤᠷ ᠬᠠᠲᠠᠩᠭᠢᠷᠠᠬᠤ᠂ ᠶᠢᠰᠦᠨ ᠠᠯᠬᠤᠮ ᠳ᠋ᠤᠷ ᠪᠠᠶᠠᠵᠢᠭᠤᠯᠤᠭᠴᠢ᠂ ᠠᠷᠪᠠᠨ ᠠᠯᠬᠤᠮ ᠳ᠋ᠤᠷ ᠬᠣᠯᠠ ᠶᠠᠪᠤᠪᠠᠰᠤ ᠦᠯᠦ ᠢᠷᠡᠬᠦ᠂ ᠠᠷᠪᠠᠨ ᠨᠢᠭᠡᠨ ᠠᠯᠬᠤᠮ ᠵᠣᠷ ᠮᠠᠯ ᠲᠠᠷᠢᠶ᠎ᠠ ᠠᠷᠪᠢᠵᠢᠬᠤ ᠠᠷᠪᠠᠨ ᠬᠣᠶᠠᠷ ᠠᠯᠬᠤᠮ ᠳ᠋ᠤᠷ ᠳᠠᠪᠬᠤᠷ ᠬᠡᠭᠦᠷ ᠭᠠᠷᠭᠠᠬᠤ ᠬᠡᠮᠡᠳᠡᠭ ᠰᠠᠨ᠃
50. ᠲᠡᠭᠷᠢ ᠶ᠋ᠢᠨ ᠨᠣᠬᠠᠢ ᠶ᠋ᠢᠨ ᠬᠠᠨᠳᠤᠰᠢ : ᠬᠠᠪᠤᠷ ᠤ᠋ᠨ ᠭᠤᠷᠪᠠᠨ ᠰᠠᠷ᠎ᠠ ᠵᠣᠷ ᠲᠡᠷᠢᠭᠦᠨ ᠳᠣᠷᠣᠨ᠎ᠠ᠂ ᠬᠡᠪᠡᠯᠢ ᠡᠮᠦᠨ᠎ᠡ᠂ ᠨᠢᠷᠤᠭᠤ ᠤᠮᠠᠷ᠎ᠠ᠂ ᠰᠡᠭᠦᠯ ᠥᠷᠥᠨ᠎ᠡ ᠪᠣᠢ᠂ ᠵᠤᠨ ᠤ᠋ ᠭᠤᠷᠪᠠᠨ ᠰᠠᠷ᠎ᠠ ᠳ᠋ᠤᠷ ᠲᠡᠷᠢᠭᠦᠨ ᠡᠮᠦᠨ᠎ᠡ᠂ ᠬᠡᠪᠡᠯᠢ ᠥᠷᠥᠨ᠎ᠡ᠂ ᠨᠢᠷᠤᠭᠤ ᠳᠣᠷᠣᠨ᠎ᠠ᠂ ᠰᠡᠭᠦᠯ ᠤᠮᠠᠷ᠎ᠠ ᠪᠣᠢ᠃ ᠨᠠᠮᠤᠷ ᠤ᠋ᠨ ᠭᠤᠷᠪᠠᠨ ᠬᠠᠷ᠎ᠠ ᠰᠠᠷ᠎ᠠ ᠳ᠋ᠤᠷ ᠲᠡᠷᠢᠭᠦᠨ ᠥᠷᠥᠨ᠎ᠡ᠂ ᠬᠡᠪᠡᠯᠢ ᠤᠮᠠᠷ᠎ᠠ᠂ ᠨᠢᠷᠤᠭᠤ ᠡᠮᠦᠨ᠎ᠡ᠂ ᠰᠡᠭᠦᠯ᠂ ᠳᠣᠷᠣᠨ᠎ᠠ ᠪᠣᠢ᠃ ᠡᠪᠦᠯ ᠦ᠋ᠨ ᠭᠤᠷᠪᠠᠨ ᠰᠠᠷ᠎ᠠ ᠳ᠋ᠤᠷ ᠲᠡᠷᠢᠭᠦᠨ ᠤᠮᠠᠷ᠎ᠠ᠂ ᠬᠡᠪᠡᠯᠢ ᠳᠣᠷᠣᠨ᠎ᠠ᠂ ᠨᠢᠷᠤᠭᠤ ᠥᠷᠥᠨ᠎ᠡ᠂ ᠰᠡᠭᠦᠯ ᠡᠮᠦᠨ᠎ᠡ ᠪᠣᠢ᠂ ᠠᠩᠬᠠᠷᠬᠤ ᠠᠨᠤ : ᠲᠡᠭᠦᠨ ᠣ ᠲᠡᠷᠢᠭᠦᠨ ᠳ᠋ᠦ᠍ᠷ ᠭᠡᠷ᠂ ᠬᠣᠲᠠ ᠪᠠᠯᠭᠠᠳ ᠪᠤᠤ ᠪᠠᠢᠭᠤᠯ᠃ ᠠᠮᠠᠨ ᠳ᠋ᠤᠷ ᠴᠡᠷᠢᠭ ᠪᠦᠦ ᠮᠣᠷᠳᠠ᠃ ᠨᠢᠷᠤᠭᠤ ᠳ᠋ᠤᠷ ᠪᠡᠷᠢ ᠪᠦᠦ ᠠᠪ᠃ ᠬᠡᠪᠡᠯᠢ ᠳ᠋ᠦ᠍ᠷ ᠨᠡᠭᠦᠳᠡᠯ ᠪᠢᠲᠡᠭᠡᠢ ᠨᠡᠭᠦ᠃ ᠰᠡᠭᠦᠯ ᠳ᠋ᠦ᠍ᠷ ᠶᠠᠰᠤᠨ ᠪᠢᠲᠡᠭᠡᠢ ᠭᠠᠷᠭ᠎ᠠ᠃ ᠠᠮᠠᠨ ᠳ᠋ᠤᠷ ᠭᠠᠵᠠᠷ ᠤᠰᠤ ᠳ᠋ᠠᠬᠢ᠃ ᠨᠢᠷᠤᠭᠤᠨ ᠳ᠋ᠤᠷ ᠴᠡᠷᠢᠭ ᠮᠣᠷᠳᠠ᠂ ᠠᠩ ᠠᠪᠠ ᠳ᠋ᠤ᠌ ᠶᠠᠪᠤ᠂ ᠭᠡᠷ ᠬᠣᠲᠨ ᠪᠠᠯᠠᠭᠤᠨ ᠪᠠᠢᠭᠤᠯ᠂ ᠶᠠᠰᠤᠨ ᠭᠠᠷᠭ᠎ᠠ᠂ ᠨᠡᠭᠦᠳᠡᠯ ᠨᠡᠭᠦ᠃ ᠲᠡᠷᠢᠭᠦᠨ ᠪᠣᠯᠤᠨ ᠬᠡᠪᠡᠯᠢ ᠳ᠋ᠦ᠍ᠷ ᠭᠡᠷᠭᠡᠢ ᠠᠪ ᠃
