ᠠᠵᠠ ᠶ᠋ᠢᠨ ᠥᠯᠥᠭᠡᠢ – ᠴᠣ ᠂ ᠣᠷᠱᠤᠨ Азын өлгий – Чо ᠂ Оршин
ᠠᠵᠠ ᠶ᠋ᠢᠨ ᠥᠯᠥᠭᠡᠢ
ᠬᠦᠳᠡᠩᠲᠦ ᠰᠢᠯᠢ ᠶ᠋ᠢᠨ ᠡᠩᠭᠡᠷ ᠲᠤ
ᠬᠥᠭᠵᠢᠨ ᠪᠠᠳᠠᠷᠠᠬᠤ ᠦᠢᠯᠡᠰ ᠦ᠋ᠨ
ᠬᠦᠰᠡᠯ ᠳᠡᠯᠭᠡᠷᠡᠨ ᠴᠡᠴᠡᠭᠯᠡᠭᠰᠡᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠲᠣᠬᠣᠢᠷᠠᠨ ᠪᠤᠯᠤᠩᠨᠠᠬᠤ ᠨᠠᠭᠤᠷ
ᠲᠤᠩᠭᠠᠯᠠᠭ ᠵᠢᠰᠦ ᠶ᠋ᠢ ᠲᠣᠯᠢᠳᠠᠵᠤ
ᠲᠣᠷᠭᠠᠨ ᠴᠡᠯᠡᠭᠡᠷ ᠬᠥᠨᠳᠡᠢ
ᠲᠣᠰᠣᠨ ᠲᠠᠷᠭᠤ ᠳᠡᠭᠡᠵᠢᠯᠡᠭᠰᠡᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠰᠠᠭᠠᠯᠢ ᠶ᠋ᠢᠨ ᠪᠡᠯᠭᠡᠲᠦ ᠲᠠᠪᠰᠢ
ᠴᠠᠭᠠᠨ ᠲᠣᠯᠣᠭᠠᠢ ᠪᠠᠨ ᠲᠡᠪᠡᠷᠢᠵᠦ
ᠰᠠᠯᠬᠢᠲᠤ ᠶ᠋ᠢᠨ ᠨᠣᠭᠣᠭᠠᠨ ᠪᠠᠷ᠎ᠠ ᠶ᠋ᠢ
ᠰᠠᠨᠠᠨ ᠳᠤᠷᠠᠰᠴᠤ ᠮᠥᠷᠥᠭᠡᠳᠦᠭᠰᠡᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠡᠬᠡ ᠶ᠋ᠢᠨ ᠰᠦᠨ ᠡᠪᠦᠷ
ᠡᠷᠢᠶᠡᠨ ᠲᠠᠯ᠎ᠠ ᠪᠠᠨ ᠳᠡᠯᠭᠡᠵᠦ
ᠡᠷᠳᠡᠨᠢ ᠪᠡᠯᠡᠭᠯᠡᠭᠰᠡᠨ ᠬᠤᠯᠤᠰᠤ
ᠡᠬᠡᠰᠢᠭ ᠤᠶᠠᠬᠠᠨ ᠨᠠᠢᠭᠤᠭᠰᠠᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠠᠶᠠᠨ ᠤ᠋ ᠮᠠᠰᠢᠨ ᠤ᠋ ᠬᠠᠷᠭᠤᠢ
ᠠᠮᠤᠭᠤᠯᠠᠩ ᠬᠠᠢᠯᠠᠷ ᠢ᠋ ᠬᠣᠯᠪᠣᠵᠤ
ᠠᠯᠤᠰ ᠲᠤ ᠳᠥᠮᠥᠢᠬᠦ ᠬᠠᠷᠠᠭᠠᠨᠠᠲᠠᠢ
ᠠᠶᠤᠤᠯᠢᠬᠠᠢ ᠵᠢᠷᠦᠬᠡ ᠶ᠋ᠢ ᠴᠢᠩᠭᠠᠭᠠᠭᠰᠠᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠥᠷᠭᠡᠨ ᠶᠡᠬᠡ ᠲᠦᠮᠡᠨ ᠦ᠌
ᠥᠩ ᠬᠡᠰᠢᠭ ᠢ᠋ ᠬᠠᠳᠠᠭᠠᠯᠠᠵᠤ
ᠥᠭᠡᠳᠡᠯᠡᠬᠦ ᠵᠣᠯ ᠵᠢᠷᠭᠠᠯ ᠤ᠋ᠨ
ᠥᠭᠭᠢᠶᠡᠮᠦᠷ ᠳᠡᠮᠪᠡᠷᠢ ᠡᠷᠭᠦᠭᠰᠡᠨ᠂
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠠᠵᠢᠯᠯᠠᠭᠠᠳ ᠰᠥᠭᠡᠷᠭᠦ ᠪᠡᠨ ᠢᠷᠡᠬᠦ ᠳ᠋ᠦ᠍
ᠠᠯᠠᠭ᠎ᠠ ᠲᠠᠰᠢᠨ ᠲᠣᠰᠴᠤ
ᠠᠢᠯᠴᠢᠯᠠᠭᠠᠳ ᠳᠠᠬᠢᠨ ᠪᠤᠴᠠᠬᠤ ᠳ᠋ᠤ᠌
ᠠᠯᠠᠭ ᠢ᠋ ᠪᠥᠮᠪᠥᠷᠢᠭᠦᠯᠵᠦ ᠬᠣᠴᠣᠷᠤᠭᠰᠠᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠪᠦᠲᠦᠮᠵᠢ ᠲᠤᠩᠬᠠᠭᠯᠠᠭᠰᠠᠨ ᠡᠷᠡᠰ ᠦ᠋ᠨ
ᠪᠦᠪᠡᠢ ᠶ᠋ᠢᠨ ᠳᠠᠭᠤᠤ ᠶ᠋ᠢ ᠰᠠᠭᠠᠲᠠᠭᠤᠯᠵᠤ
ᠪᠦᠲᠦᠭᠡᠯ ᠰᠠᠷᠠᠪᠴᠢᠯᠠᠭᠰᠠᠨ ᠬᠡᠳᠦ ᠶ᠋ᠢᠨ
ᠪᠦᠷᠢᠨ ᠵᠢᠯᠣᠭᠣ ᠶ᠋ᠢ ᠪᠠᠷᠢᠭᠤᠯᠤᠭᠰᠠᠨ
ᠠᠮᠤᠵᠢ ᠶ᠋ᠢᠨ ᠨᠤᠲᠤᠭ
ᠠᠵᠠ ᠶ᠋ᠢᠨ ᠥᠯᠥᠭᠡᠢ
ᠠᠪᠤ ᠡᠵᠢ ᠶ᠋ᠢᠨ
ᠠᠰᠢᠳᠠ ᠶ᠋ᠢᠨ ᠣᠷᠣᠨ
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 07
