ᠶᠡᠬᠡ ᠡᠵᠡᠨ ᠴᠢᠩᠭᠢᠰ ᠬᠠᠭᠠᠨ ᠳ᠋ᠤ᠌ ᠪᠢᠴᠢᠭᠰᠡᠨ ᠵᠠᠬᠢᠳᠠᠯ-ᠱ·ᠴᠡᠯᠮᠡᠭИх эзэн Чингис хаанд бичсэн захидал-Ш·Цэлмэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠡᠬᠡ ᠡᠵᠡᠨ ᠴᠢᠩᠭᠢᠰ ᠬᠠᠭᠠᠨ ᠳ᠋ᠤ᠌ ᠪᠢᠴᠢᠭᠰᠡᠨ ᠵᠠᠬᠢᠳᠠᠯ-ᠱ·ᠴᠡᠯᠮᠡᠭИх эзэн Чингис хаанд бичсэн захидал-Ш·Цэлмэг

ᠶᠡᠬᠡ ᠡᠵᠡᠨ ᠴᠢᠩᠭᠢᠰ ᠬᠠᠭᠠᠨ ᠳ᠋ᠤ᠌ ᠪᠢᠴᠢᠭᠰᠡᠨ ᠵᠠᠬᠢᠳᠠᠯ-ᠱ·ᠴᠡᠯᠮᠡᠭИх эзэн Чингис хаанд бичсэн захидал-Ш·Цэлмэг

2024-04-18

446

ᠶᠡᠬᠡ ᠡᠵᠡᠨ ᠴᠢᠩᠭᠢᠰ ᠬᠠᠭᠠᠨ ᠳ᠋ᠤ᠌ ᠪᠢᠴᠢᠭᠰᠡᠨ ᠵᠠᠬᠢᠳᠠᠯ

           ᠱ· ᠴᠡᠯᠮᠡᠭ 
ᠪᠤᠷᠬᠠᠨ ᠤ᠋ ᠣᠷᠣᠨ ᠳ᠋ᠤ᠌ ᠲᠠ ᠠᠮᠤᠷᠬᠠᠨ ᠮᠣᠷᠢᠯᠠᠵᠤ ᠪᠠᠢᠨ᠎ᠠ ᠤᠤ? 
ᠪᠤᠷᠬᠠᠨ ᠬᠠᠯᠳᠤᠨ ᠢ᠋ᠶ᠋ᠠᠨ ᠰᠠᠨᠠᠭᠠᠳ ᠬᠡᠴᠡᠭᠦᠦ ᠯᠡ ᠪᠠᠢᠭ᠎ᠠ ᠪᠢᠵᠡ ᠳᠡ⁈ 
ᠨᠥᠭᠦᠭᠡ ᠶᠢᠷᠲᠢᠨᠴᠦ ᠭᠡᠭᠴᠢ ᠶᠠᠮᠠᠷᠬᠠᠤ ᠶᠤᠮ ᠳᠠ ᠲᠡᠭᠡᠭᠡᠳ⁈ 
ᠨᠥᠭᠡᠯᠭᠡ ᠳ᠋ᠦ᠍ ᠤᠨᠤᠨ ᠢ᠋ ᠶ᠋ᠢᠨ ᠴᠢᠨᠢ ᠵᠤᠨ ᠢ᠋ ᠠᠷᠠᠢ ᠯᠠ ᠭᠦᠢᠴᠡᠬᠦ ᠦᠭᠡᠢ ᠪᠠᠢᠨ᠎ᠠ ᠤᠤ⁈ 
ᠳᠡᠯᠢᠭᠦᠨ ᠪᠣᠯᠳᠣᠭ ᠪᠤᠷᠬᠠᠨ ᠬᠠᠯᠳᠤᠨ ᠴᠢᠨᠢ ᠬᠡᠪ ᠢ᠋ᠶ᠋ᠡᠷ ᠢ᠋ᠶ᠋ᠡᠨ ᠪᠠᠢᠭ᠎ᠠ᠂ 
ᠳᠡᠯᠡᠬᠡᠢ ᠶ᠋ᠢ ᠰᠥᠬᠥᠷᠡᠭᠦᠯᠵᠦ ᠶᠠᠪᠤᠭᠰᠠᠨ ᠮᠣᠩᠭᠣᠯ ᠦᠷᠡᠰ ᠴᠢᠨᠢ ᠴᠦ᠍ ᠬᠡᠪ ᠢ᠋ᠶ᠋ᠡᠷ ᠢ᠋ᠶ᠋ᠡᠨ ᠪᠠᠢᠭ᠎ᠠ᠂ 
ᠲᠤᠭᠤᠷᠠᠢ ᠶ᠋ᠢᠨ ᠲᠠᠮᠠᠭ᠎ᠠ ᠲᠠᠢ ᠤᠯᠤᠰ ᠴᠢᠨᠢ ᠬᠡᠪ ᠢ᠋ᠶ᠋ᠡᠷ ᠢ᠋ᠶ᠋ᠡᠨ ᠪᠠᠢᠭ᠎ᠠ᠂
ᠲᠤᠭ᠂ ᠰᠦᠯᠳᠡ᠂ ᠮᠣᠩᠭᠣᠯ ᠴᠢᠨᠢ ᠴᠦ᠍ ᠬᠡᠪ ᠢ᠋ᠶ᠋ᠡᠷ ᠢ᠋ᠶ᠋ᠡᠨ ᠪᠠᠢᠭ᠎ᠠ᠂
ᠭᠡᠪᠡᠴᠦ ᠲᠠᠨ ᠤ᠋ ᠠᠮᠢᠳᠤᠷᠠᠵᠤ ᠶᠠᠪᠤᠭᠰᠠᠨ ᠴᠠᠭ ᠦᠶ᠎ᠡ ᠡᠴᠡ ᠴᠢᠨᠢ᠂
ᠭᠡᠷᠢᠶᠡᠰᠦᠯᠡᠵᠦ ᠦᠯᠡᠳᠡᠭᠡᠭᠰᠡᠨ ᠠᠤᠭ᠎ᠠ ᠳᠥᠷᠦᠲᠦ ᠤᠯᠤᠰ ᠠ᠋ᠴᠠ ᠴᠢᠨᠢ᠂
ᠥᠴᠢᠨᠡᠨ ᠣᠯᠠᠨ ᠵᠦᠢᠯᠡᠰ ᠥᠭᠡᠷ᠎ᠡ ᠪᠣᠯᠤᠨ ᠬᠤᠪᠢᠷᠠᠭᠰᠠᠨ᠂
ᠦᠷ᠎ᠡ ᠬᠣᠢᠴᠢᠰ ᠴᠢᠨᠢ ᠬᠥᠯ ᠲᠣᠯᠣᠭᠠᠢ ᠪᠠᠨ ᠣᠯᠬᠤ ᠪᠠᠨ ᠪᠣᠯᠢᠵᠤ᠂
ᠤᠷᠢᠳᠤ ᠵᠦᠭ ᠦ᠋ᠨ ᠵᠦᠷᠴᠢᠳ᠂ ᠨᠠᠩᠭᠢᠶᠠᠳ᠂ ᠬᠠᠷ᠎ᠠ ᠬᠢᠳᠠᠨ ᠤ᠋᠂
ᠤᠯᠠ ᠶ᠋ᠢ ᠳᠣᠯᠢᠶᠠᠴᠢᠬᠠᠬᠤ ᠰᠢᠬᠠᠭᠰᠠᠨ ᠬᠡᠳᠦᠨ ᠨᠣᠶᠠᠳ ᠲᠠᠢ ᠪᠣᠯᠤᠭᠰᠠᠨ ᠪᠢᠳᠡ᠂
ᠤᠰᠤ ᠶ᠋ᠢ ᠨᠢ ᠤᠤᠭᠤᠬᠤ ᠳ᠋ᠤ᠌ ᠪᠠᠨ ᠰᠥᠭᠥᠳᠴᠦ ᠬᠦᠷᠲᠡᠳᠡᠭ ᠨᠤᠲᠤᠭ ᠢ᠋ ᠴᠢᠨᠢ᠂
ᠤᠯᠠᠭᠠᠨ ᠰᠢᠷᠣᠢ ᠪᠣᠯᠲᠠᠯ᠎ᠠ ᠨᠢ ᠤᠬᠤᠵᠤ ᠲᠥᠩᠬᠢᠭᠡᠳ ᠬᠠᠶᠠᠴᠢᠬᠠᠭᠰᠠᠨ᠂
ᠮᠣᠩᠭᠣᠯ ᠢ᠋ᠶ᠋ᠠᠨ ᠭᠡᠰᠡᠨ ᠰᠡᠳᠬᠢᠯ ᠦᠭᠡᠢ ᠡᠨᠡ ᠬᠡᠳᠦᠨ ᠨᠣᠶᠠᠳ ᠢ᠋᠂
ᠮᠣᠳᠣᠨ ᠡᠯᠵᠢᠭᠡᠨ ᠳ᠋ᠦ᠍ ᠪᠣᠯᠳᠠᠭ ᠪᠣᠯ ᠬᠠᠲᠠᠵᠤ ᠣᠷᠬᠢᠮᠠᠷ ᠰᠠᠨᠠᠭᠳᠠᠬᠤ ᠶᠤᠮ᠂
ᠳᠤᠷ᠎ᠠ ᠪᠠᠷ ᠢ᠋ᠶ᠋ᠠᠨ ᠳᠣᠷᠭᠢᠵᠤ ᠪᠣᠢ ᠡᠨᠡ ᠣᠯᠠᠨ ᠲᠡᠨᠡᠭ ᠦ᠋ᠳ ᠢ᠋᠂
ᠳᠤᠭᠤᠢᠲᠤ ᠲᠡᠷᠭᠡᠨ ᠳ᠋ᠦ᠍ ᠴᠢᠴᠠᠤᠯᠠᠭᠠᠳ ᠬᠢᠳᠤᠵᠤ ᠣᠷᠬᠢᠮᠠᠷ ᠰᠠᠨᠠᠭᠳᠠᠬᠤ ᠶᠤᠮ᠂
ᠥᠭᠡᠯᠦᠨ ᠡᠬᠡ᠂ ᠪᠥᠷᠲᠡ ᠭᠤᠸ᠎ᠠ ᠬᠠᠲᠤᠨ ᠤ᠋ ᠴᠢᠨᠢ ᠤᠳᠤᠮ᠂
ᠦᠵᠡᠰᠬᠦᠯᠡᠩᠲᠦ ᠥᠬᠢᠳ ᠴᠢᠨᠢ ᠬᠠᠷᠢ ᠶ᠋ᠢᠨ ᠪᠡᠷᠢ ᠪᠤᠯᠵᠠᠭᠠᠵᠤ ᠪᠠᠢᠨ᠎ᠠ᠂
ᠤᠳᠤᠮ ᠨᠢ ᠠᠷᠢᠭᠤᠨ ᠤᠷᠤᠭ ᠤ᠋ᠨ ᠴᠢᠨᠢ ᠴᠢᠰᠤ ᠪᠤᠯᠠᠩᠭᠢᠷᠲᠤᠵᠤ ᠪᠠᠢᠨ᠎ᠠ᠂
ᠠᠭᠤᠯᠠᠰ ᠬᠦᠷᠲᠡᠯ᠎ᠡ ᠲᠦᠭᠰᠦᠢᠵᠦ ᠲᠩᠷᠢ ᠪᠦᠦᠳᠡᠢᠵᠦ ᠪᠠᠢᠨ᠎ᠠ᠂
ᠰᠠᠷ᠎ᠠ ᠳ᠋ᠤ᠌ ᠪᠠᠨ ᠨᠢᠭᠡ ᠭᠥᠷᠳᠡ ᠭᠡᠮᠡᠨ ᠲᠠᠨ ᠤ᠋ ᠵᠠᠷᠯᠢᠭ ᠪᠣᠯᠤᠭᠰᠠᠨ᠂
ᠰᠠᠷᠬᠤᠳ ᠢ᠋ ᠡᠳᠦᠷ ᠰᠥᠨᠢ ᠦᠭᠡᠢ ᠤᠤᠭᠤᠵᠠᠭᠠᠵᠤ᠂
ᠰᠣᠭᠲᠣᠭᠤ ᠨᠣᠶᠠᠳ ᠤ᠋ᠨ ᠬᠥᠯᠴᠥᠭᠦᠦ ᠬᠡᠢᠷᠬᠡᠯ ᠬᠥᠯ ᠦᠭᠡᠢ ᠲᠡᠨᠡᠭᠯᠡᠯ ᠳᠤᠮᠳᠠ᠂
ᠰᠣᠩᠭᠣᠭᠤᠯᠢ ᠪᠠᠷ ᠪᠦᠷᠢᠯᠳᠦᠭᠰᠡᠨ ᠶᠡᠬᠡ ᠬᠤᠷᠠᠯᠳᠠᠢ ᠴᠢᠭᠤᠯᠵᠤ ᠪᠠᠢᠨ᠎ᠠ᠂
ᠶᠢᠷᠲᠢᠨᠴᠦ ᠳ᠋ᠠᠬᠢᠨ ᠢ᠋ ᠰᠥᠬᠦᠷᠡᠭᠦᠯᠵᠦ ᠪᠥᠬᠥᠢᠯᠭᠡᠵᠦ ᠶᠠᠪᠤᠭᠰᠠᠨ᠂
ᠶᠢᠰᠦᠨ ᠴᠠᠭᠠᠨ ᠲᠤᠭ ᠴᠢᠨᠢ ᠭᠤᠨᠢᠭᠲᠠᠢᠬᠠᠨ ᠬᠡᠢᠰᠴᠦ ᠪᠠᠢᠨ᠎ᠠ᠂
ᠪᠣᠰᠤᠭ᠎ᠠ ᠵᠠᠶᠠᠭᠠᠲᠤ ᠲᠥᠷᠥ ᠶ᠋ᠢᠨ ᠴᠢᠨᠢ ᠬᠡᠢᠮᠣᠷᠢ ᠭᠣᠳᠣᠢᠵᠤ᠂
ᠪᠣᠷᠵᠢᠭᠢᠨ ᠤᠳᠤᠮᠲᠤ ᠭᠡᠷ ᠦ᠋ᠨ ᠴᠢᠨᠢ ᠬᠡᠢᠮᠣᠷᠢ ᠭᠤᠨᠳᠠᠵᠤ ᠪᠠᠢᠨ᠎ᠠ᠂
ᠪᠤᠷᠤᠭᠤ ᠨᠣᠮᠲᠠᠨ ᠨᠤᠭᠤᠳ ᠪᠣᠷᠳᠣᠭ ᠰᠡᠳᠬᠢᠯᠲᠡᠨ ᠨᠦ᠍ᠭᠦᠳ ᠨᠤᠲᠤᠭ ᠢ᠋ ᠴᠢᠨᠢ ᠴᠥᠯᠮᠥᠵᠦ ᠪᠠᠢᠨ᠎ᠠ᠂
ᠪᠤᠯᠠᠰᠢ ᠶ᠋ᠢ ᠴᠢᠨᠢ ᠬᠦᠷᠲᠡᠯ᠎ᠡ ᠬᠠᠢᠵᠤ ᠶᠠᠰᠤ ᠶ᠋ᠢ ᠲᠠᠨᠢ ᠥᠨᠳᠡᠯᠵᠡᠭᠦᠯᠵᠦ ᠪᠠᠢᠨ᠎ᠠ᠂
ᠲᠠᠨ ᠤ᠋ ᠨᠡᠷ᠎ᠡ ᠶ᠋ᠢ ᠢᠴᠢᠬᠦ ᠦᠭᠡᠢ ᠪᠠᠮᠪᠠᠢ ᠪᠣᠯᠭᠠᠵᠤ ᠡᠮᠦᠨ᠎ᠡ ᠪᠡᠨ ᠪᠠᠷᠢᠭᠰᠠᠳ ᠣᠯᠠᠨ ᠪᠣᠯᠤᠭᠰᠠᠨ᠂
ᠲᠠᠨ ᠤ᠋ ᠨᠡᠷ᠎ᠡ ᠶ᠋ᠢ ᠢᠴᠢᠵᠦ ᠦᠬᠦᠮᠡᠷ ᠣᠯᠠᠨ ᠶᠠᠭᠤᠮᠠᠰ ᠢ᠋ ᠪᠠᠰᠠ ᠨᠡᠷᠡᠯᠡᠳᠡᠭ ᠪᠣᠯᠤᠭᠰᠠᠨ᠂
ᠬᠥᠭᠡᠷᠦᠬᠦᠢ ᠶᠠᠳᠠᠷᠠᠭᠰᠠᠨ ᠦᠷᠡᠰ ᠢ᠋ ᠴᠢᠨᠢ ᠳᠡᠭᠡᠷᠡᠯᠬᠡᠵᠦ ᠲᠠᠪᠠᠯᠠᠭᠰᠠᠨ ᠪᠦᠬᠦᠨ ᠢ᠋᠂
ᠬᠥᠬᠡ ᠲᠩᠷᠢ ᠶ᠋ᠢᠨ ᠢ᠋ᠶ᠋ᠡᠨ ᠠᠶᠤᠩᠭ᠎ᠠ ᠪᠠᠷ ᠨᠢᠷᠭᠡᠵᠦ ᠥᠭᠭᠦᠭᠡᠴᠢ ᠲᠠ ᠮᠢᠨᠢ᠂
ᠮᠥᠬᠥᠯ ᠰᠦᠬᠦᠯ ᠦ᠋ᠨ ᠬᠣᠷᠸ᠎ᠠ ᠶ᠋ᠢ ᠨᠢᠭᠡᠨ ᠵᠢᠯᠤᠭᠤᠨ ᠳ᠋ᠤ᠌ ᠵᠠᠩᠭᠢᠳᠤᠭᠰᠠᠨ᠂
ᠮᠥᠩᠬᠡ ᠲᠩᠷᠢ ᠶ᠋ᠢᠨ ᠢ᠋ᠶ᠋ᠡᠨ ᠣᠩᠭᠣᠳ ᠢ᠋ᠶ᠋ᠠᠷ ᠢᠪᠡᠭᠡᠵᠦ ᠬᠠᠢᠷᠠᠯᠠᠭᠠᠴᠢ ᠲᠠ ᠮᠢᠨᠢ᠂
ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ ᠭᠡᠵᠦ ᠰᠡᠳᠬᠢᠨᠡᠮ᠂
ᠠᠤᠭ᠎ᠠ ᠶᠡᠬᠡ ᠴᠠᠭ ᠦᠶ᠎ᠡ ᠢᠷᠡᠨ᠎ᠡ ᠭᠡᠮᠡᠨ ᠢᠲᠡᠭᠡᠨᠡᠮ ᠵᠠ( ᠵᠧ)᠃

    ᠣᠯᠠᠨᠯᠢᠭ ᠲᠥᠪ ᠰᠤᠷᠭᠠᠭᠤᠯᠢ ᠶ᠋ᠢᠨ8 ᠠ ᠠᠩᠭᠢ ᠶ᠋ᠢᠨ ᠰᠤᠷᠤᠭᠴᠢ
                   ᠱ· ᠴᠡᠯᠮᠡᠭ

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠲᠠᠭᠴᠢ᠄ ᠮᠥᠩᠬᠡ ᠭᠠᠯ
   ᠬᠢᠨᠠᠭᠴᠢ᠄ ᠤᠷᠠᠨᠲᠠᠨ᠎ᠠ᠂ ᠣᠳᠬᠠᠨᠰᠤ᠎ᠠ᠂ ᠭᠠᠷᠮ᠎ᠠ᠂ ᠡᠩᠬᠡᠲᠤᠶᠠᠭ᠎ᠠ