ᠱᠠᠩᠳᠠ ᠶᠢᠨ ᠰᠠᠢᠬᠠᠨ ᠲᠠᠯ᠎ᠠ – ᠴᠣ ᠂ ᠣᠷᠱᠤᠨ Шандын сайхан тал – Чо ᠂ Оршин
ᠱᠠᠩᠳᠠ ᠶᠢᠨ ᠰᠠᠢᠬᠠᠨ ᠲᠠᠯ᠎ᠠ
ᠴᠠᠢᠯᠭᠠᠨ ᠰᠡᠳᠬᠢᠯ ᠢ᠋ᠶ᠋ᠡᠷ ᠬᠠᠷᠢᠭᠤᠯᠬᠤ
ᠰᠠᠷ᠎ᠠ ᠵᠢᠯ ᠦ᠋ᠨ ᠮᠢᠨᠢ ᠲᠣᠭᠠᠯᠠᠯ ᠳᠡᠭᠡᠷᠡᠬᠢ
ᠴᠡᠩᠬᠡᠷ ᠨᠣᠭᠣᠭᠠᠨ ᠵᠡᠭᠦᠳᠦ
ᠰᠠᠢᠬᠠᠨ ᠨᠤᠲᠤᠭ ᠤ᠋ᠨ ᠮᠢᠨᠢ
ᠡᠯᠢᠭᠡᠨ ᠰᠤᠳᠠᠯ ᠲᠠᠲᠠᠯᠳᠤᠬᠤ
ᠱᠠᠩᠳᠠ ᠶ᠋ᠢᠨ ᠰᠠᠢᠬᠠᠨ ᠲᠠᠯ᠎ᠠ ᠮᠢᠨᠦ᠃
ᠠᠵᠢᠯ ᠦᠢᠯᠡᠰ ᠨᠢ
ᠥᠯᠵᠡᠢ ᠮᠥᠷ ᠲᠡᠢ ᠳᠡᠭᠵᠢᠷᠡᠵᠦ ᠳᠡᠭᠡᠭᠰᠢᠯᠡᠭᠰᠡᠨ
ᠠᠷᠠᠳ ᠲᠦᠮᠡᠨ ᠨᠢ
ᠬᠠᠢᠷ᠎ᠠ ᠶ᠋ᠢᠨ ᠥᠨᠳᠥᠷᠯᠢᠭ ᠢ᠋ᠶ᠋ᠡᠷ ᠪᠠᠷᠠᠯᠠᠵᠤ ᠪᠠᠶᠠᠰᠤᠭᠰᠠᠨ
ᠥᠨᠢᠷ ᠥᠷᠭᠡᠨ ᠲᠡᠦᠬᠡᠨ ᠵᠠᠢ ᠳ᠋ᠠᠬᠢ
ᠥᠨᠢᠳᠡ ᠶ᠋ᠢᠨ ᠪᠤᠭᠤᠷᠤᠯ ᠲᠡᠦᠬᠡ᠃
ᠣᠨ ᠳᠠᠷᠠᠭᠠᠯᠠᠭᠰᠠᠨ ᠬᠠᠭᠤᠳᠠᠰᠤ ᠶ᠋ᠢ ᠴᠢᠨᠢ ᠰᠡᠬᠦᠪᠡᠯ
ᠣᠯᠠᠨ ᠮᠢᠩᠭᠠᠨ ᠵᠡᠭᠡᠷ᠎ᠡ ᠶ᠋ᠢᠨ ᠰᠦᠷᠦᠭ ᠦᠶᠡᠷᠯᠡᠭᠰᠡᠨ
ᠲᠦᠮᠡᠨ ᠠᠳᠤᠭᠤᠨ ᠤ᠋ ᠲᠠᠷᠭᠤ ᠶ᠋ᠢᠨ ᠰᠤᠷ ᠳᠡᠭᠡᠵᠢᠯᠡᠭᠰᠡᠨ
ᠱᠠᠩᠳᠠ ᠶ᠋ᠢᠨ ᠰᠠᠢᠬᠠᠨ ᠲᠠᠯ᠎ᠠ ᠮᠢᠨᠦ᠃
ᠣᠳᠣᠳ ᠪᠡᠯᠴᠢᠭᠰᠡᠨ ᠥᠨᠥᠳᠥᠷ ᠳᠡᠯᠭᠡᠭᠳᠡᠬᠦ ᠳ᠋ᠦ᠍
ᠮᠠᠯ ᠥᠩ ᠢᠳᠡ ᠪᠦᠷᠬᠦᠵᠦ
ᠮᠠᠯᠴᠢᠨ ᠤ᠋ ᠬᠡᠰᠢᠭ ᠳᠡᠯᠭᠡᠷ ᠲᠡᠮᠡᠦᠯᠦᠭᠰᠡᠨ
ᠳᠣᠨᠣᠯᠵᠠᠮᠠ ᠱᠠᠩᠳᠠ ᠶ᠋ᠢᠨ ᠥᠭᠭᠢᠶᠡᠮᠦᠷ ᠰᠡᠳᠬᠢᠯ
ᠲᠤᠩᠭᠠᠯᠠᠭ ᠪᠤᠯᠠᠭ ᠤ᠋ᠨ ᠮᠥᠩᠬᠡ ᠷᠠᠰᠢᠶᠠᠨ ᠲᠠᠢ
ᠰᠠᠨᠠᠬᠤ ᠳ᠋ᠤ᠌ ᠰᠡᠳᠬᠢᠯ ᠠᠭᠤᠵᠢᠷᠠᠳᠠᠭ
ᠱᠠᠩᠳᠠ ᠶ᠋ᠢᠨ ᠰᠠᠢᠬᠠᠨ ᠲᠠᠯ᠎ᠠ ᠮᠢᠨᠦ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 0
