ᠦᠷᠴᠢᠬᠡᠷ ᠤᠰᠤᠨ ᠬᠥᠷᠰᠢҮрчгэр усан хөрш ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷᠴᠢᠬᠡᠷ ᠤᠰᠤᠨ ᠬᠥᠷᠰᠢҮрчгэр усан хөрш

ᠦᠷᠴᠢᠬᠡᠷ ᠤᠰᠤᠨ ᠬᠥᠷᠰᠢҮрчгэр усан хөрш

2024-04-18

324

ᠦᠷᠴᠢᠬᠡᠷ ᠤᠰᠤᠨ ᠬᠥᠷᠰᠢ 

          ᠤᠰᠤᠨ ᠬᠥᠷᠰᠢ ᠶ᠋ᠢᠨ ᠢᠵᠠᠭᠤᠷ 
    ᠤᠰᠤᠨ ᠤ᠋ ᠣᠯᠠᠨ ᠨᠠᠰᠤᠲᠤ ᠡᠪᠡᠰᠦᠯᠢᠭ ᠤᠷᠭᠤᠮᠠᠯ᠂ ᠨᠠᠷᠢᠬᠠᠨ ᠤᠷᠲᠤ ᠦᠨᠳᠦᠰᠦᠯᠢᠭ ᠡᠰᠢ ᠲᠡᠢ᠃ ᠡᠰᠢ ᠨᠢ ᠪᠠᠬᠠᠨ ᠬᠠᠪᠲᠠᠭᠠᠢ ᠪᠥᠭᠡᠳ ᠣᠯᠠᠨ ᠰᠠᠯᠠᠭᠠᠯᠠᠨ᠎ᠠ᠃ ᠨᠠᠪᠴᠢ ᠨᠢ ᠪᠦᠷ ᠤᠰᠤᠨ ᠳ᠋ᠤ᠌ ᠵᠢᠪᠴᠦ ᠤᠷᠭᠤᠨ᠎ᠠ᠂ ᠵᠤᠵᠠᠭᠠᠨ᠂ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂4_5mm ᠤᠷᠲᠤ᠂5_10mm ᠥᠷᠭᠡᠨ᠂ ᠮᠤᠬᠤᠷ ᠦᠵᠦᠭᠦᠷ ᠲᠡᠢ᠂ ᠳᠣᠯᠭᠢᠶᠠᠨ ᠰᠢᠭ᠋ ᠠᠲᠤᠷᠢᠶᠠᠲᠤ ᠬᠥᠪᠡᠭᠡ ᠳ᠋ᠦ᠍ᠨᠢ ᠨᠠᠷᠢᠨ ᠬᠡᠷᠴᠢᠶᠡᠰᠦ ᠲᠡᠢ᠂ ᠪᠠᠷᠢᠭᠤᠯ ᠦᠭᠡᠢ᠂3_5 ᠰᠤᠳᠠᠯ ᠲᠠᠢ᠃ ᠲᠣᠰᠬᠣᠭᠤᠷ ᠨᠠᠪᠴᠢ ᠨᠢ ᠲᠣᠷᠭᠠᠨ ᠬᠠᠯᠢᠰᠤᠯᠢᠭ ᠪᠥᠭᠡᠳ ᠤᠭ ᠢ᠋ᠶ᠋ᠠᠷ ᠢ᠋ᠶ᠋ᠠᠨ ᠨᠠᠪᠴᠢ ᠲᠠᠢ ᠪᠠᠨ ᠨᠡᠢᠯᠡᠵᠡᠢ᠂5mm ᠭᠠᠷᠤᠢ ᠤᠷᠲᠤ᠂ ᠡᠷᠲᠡ ᠤᠨᠠᠳᠠᠭ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠢᠬᠴᠤ᠂12_20mm ᠤᠷᠲᠤ ᠰᠠᠯᠠᠭ᠎ᠠ ᠶ᠋ᠢᠨ ᠣᠷᠣᠢ ᠳ᠋ᠤ᠌ ᠤᠷᠭᠤᠨ᠎ᠠ᠂2_5cm ᠤᠷᠲᠤ ᠶᠡᠷᠦᠩᠬᠡᠢ ᠪᠠᠷᠢᠭᠤᠯ ᠲᠠᠢ᠃ ᠴᠡᠴᠡᠭ ᠦ᠋ᠨ ᠰᠢᠳᠠᠷ ᠨᠢ ᠳᠥᠷᠪᠡ᠃ ᠡᠷ᠎ᠡ ᠡᠮ᠎ᠡ ᠲᠣᠭᠣᠷᠴᠣᠭ ᠨᠢ ᠪᠦᠷ ᠳᠥᠷᠪᠡ᠃ ᠵᠢᠵᠢᠭ ᠬᠠᠲᠠᠭᠤ ᠵᠢᠮᠢᠰ ᠨᠢ ᠥᠨᠳᠡᠭᠡᠯᠵᠢᠨ᠂3mm ᠤᠷᠲᠤ᠂ ᠠᠷᠤ ᠳ᠋ᠤᠨᠢ ᠬᠢᠩᠭ᠎ᠠ ᠶᠠᠰᠤ ᠰᠢᠭ᠋ ᠨᠢᠷᠤᠭᠤᠪᠴᠢ ᠲᠠᠢ᠂ ᠣᠷᠣᠢ ᠳ᠋ᠤᠨᠢ ᠱᠣᠪᠬᠣ ᠬᠣᠰᠢᠭᠤ ᠲᠠᠢ ᠂ ᠪᠦᠲᠦᠨ ᠬᠥᠪᠡᠭᠡ ᠲᠡᠢ ᠪᠤᠶᠤ ᠬᠢᠷᠥᠭᠡᠨ ᠰᠢᠳᠦᠲᠦ ᠬᠥᠪᠡᠭᠡ ᠲᠡᠢ᠃
    ᠨᠠᠭᠤᠷ ᠲᠠᠩᠭᠢᠰ ᠤ᠋ᠨ ᠲᠣᠭᠲᠠᠮᠠᠯ ᠤᠰᠤ ᠬᠢᠭᠡᠳ ᠭᠣᠷᠣᠬ᠎ᠠ᠂ ᠲᠤᠲᠤᠷᠭᠠᠨ ᠲᠠᠷᠢᠶᠠᠨ ᠤ᠋ ᠤᠰᠤᠨ  ᠳ᠋ᠤ᠌ ᠪᠦᠷ ᠤᠷᠭᠤᠨ᠎ᠠ᠃ ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃ ᠭᠠᠬᠠᠢ ᠶ᠋ᠢᠨ ᠮᠠᠰᠢ ᠰᠠᠢᠨ ᠪᠣᠷᠳᠣᠭ᠎ᠠ ᠡᠪᠡᠰᠦ ᠮᠥᠨ᠂ ᠪᠠᠰᠠ ᠨᠣᠭᠣᠭᠠᠨ ᠪᠣᠷᠳᠣᠭ᠎ᠠ ᠬᠢᠨ᠎ᠡ᠃ ᠲᠤᠲᠤᠷᠭᠠᠨ ᠲᠠᠷᠢᠶᠠᠨ ᠤ᠋ ᠬᠣᠭ ᠡᠪᠡᠰᠦ᠃
              ᠬᠢᠲᠠᠳ ᠨᠡᠷ᠎ᠡ᠄菹草
              ᠠᠩᠭ᠌ᠯᠢ ᠨᠡᠷ᠎ᠡ᠄potamgeton crispusl
            ᠦᠰᠦᠭ ᠠᠮᠢᠯᠠᠭᠤᠯᠤᠭᠴᠢ᠄ ᠲᠤᠶᠠᠭ᠎ᠠ
            ᠬᠢᠨᠠᠭᠴᠢ᠄ ᠫᠣ· ᠴᠠᠭᠠᠨ