ᠮᠡᠷᠭᠡᠯ ᠭᠣᠣᠯ - ᠴᠣ ᠂ ᠣᠷᠱᠤᠨ Мэргэл гол – Чо ᠂ Оршин
ᠮᠡᠷᠭᠡᠯ ᠭᠣᠣᠯ
ᠮᠢᠨᠦ ᠰᠡᠳᠬᠢᠯ ᠳᠤᠮᠳᠠ ᠦᠭᠡᠢ ᠳᠠᠷᠬᠠᠨ
1
ᠮᠡᠷᠭᠡᠯ ᠳ᠋ᠦ᠍ ᠪᠢ ᠣᠴᠢᠭ᠎ᠠ ᠦᠭᠡᠢ ᠴᠤ᠌
ᠮᠡᠷᠭᠡᠯ ᠨᠠᠮᠠᠶ᠋ᠢ ᠲᠠᠨᠢᠨ᠎ᠠ
ᠮᠡᠷᠭᠡᠯ ᠲᠡᠢ ᠪᠢ ᠤᠴᠠᠷᠠᠭ᠎ᠠ ᠦᠭᠡᠢ ᠴᠤ᠌
ᠮᠡᠨᠳᠦᠴᠢᠯᠡᠯ ᠦ᠋ᠨ ᠵᠠᠬᠢᠶ᠎ᠠ ᠬᠦᠷᠭᠡᠭᠰᠡᠨ
ᠮᠢᠨᠦ ᠬᠠᠶᠢᠭ ᠢ᠋ᠶ᠋ᠠᠷ
ᠮᠡᠨᠳᠦ ᠠᠮᠤᠷ ᠢ᠋ᠶ᠋ᠠᠨ ᠮᠡᠳᠡᠯᠴᠡᠵᠦ ᠪᠠᠢᠯ᠎ᠠ᠂
ᠮᠡᠨᠡᠩ ᠬᠣᠷᠢᠭ ᠤ᠋ᠨ ᠪᠠᠷ᠎ᠠ ᠪᠠᠷ
ᠮᠡᠯᠮᠡᠷᠡᠭᠰᠡᠨ ᠬᠠᠷᠠᠴᠠ ᠳ᠋ᠠᠭᠠᠨ ᠰᠢᠷᠳᠡᠯᠴᠡᠵᠦ ᠪᠠᠢᠯ᠎ᠠ᠃
2
ᠪᠠᠶᠠᠨ ᠮᠣᠩᠭᠣᠯ ᠣᠷᠣᠨ ᠤ᠋
ᠪᠠᠷᠭᠤ ᠲᠥᠷᠥᠯᠲᠡᠨ ᠦ᠌ ᠬᠤᠪᠢ ᠳ᠋ᠤ᠌
ᠲᠥᠷᠥᠭᠰᠡᠨ ᠪᠡᠶᠡᠰ ᠮᠠᠨᠢ ᠢᠵᠢᠯᠬᠡᠨ ᠶᠦᠮ
ᠲᠥᠯᠥᠪ ᠠᠭᠠᠰᠢ ᠮᠠᠨᠢ ᠴᠠᠢᠯᠭᠠᠨ ᠯᠠ ᠶᠤᠮ᠂
ᠤᠶᠠᠬᠠᠨ ᠳᠥᠯᠭᠡᠬᠡᠨ ᠤᠷᠤᠰᠬᠠᠯ ᠬᠠᠶᠠᠯᠭᠠᠨ ᠳ᠋ᠠᠭᠠᠨ
ᠣᠷᠱᠤᠨ ᠨᠡᠷ᠎ᠡ ᠶ᠋ᠢ ᠮᠢᠨᠢ ᠳᠠᠭᠤᠳᠠᠵᠤ ᠪᠢᠯᠡ
ᠤᠷᠤᠭᠯᠠᠵᠤ ᠮᠣᠷᠳᠠᠭᠰᠠᠨ ᠥᠬᠢᠨ ᠬᠠᠨᠢ ᠶ᠋ᠢᠨ
ᠤᠤᠵᠢ ᠲᠠᠢ ᠵᠣᠷᠢᠭ ᠢ᠋ᠶ᠋ᠠᠨ ᠢᠯᠡᠭᠡᠵᠦ ᠪᠢᠯᠡ᠃
3
ᠮᠢᠨᠵᠢ ᠶ᠋ᠢᠨ ᠬᠠᠩᠭᠠᠢ ᠳ᠋ᠤ᠌ ᠲᠥᠷᠥᠭᠰᠡᠨ
ᠮᠡᠷᠭᠡᠯ ᠭᠣᠶᠣᠬᠠᠨ ᠡᠬᠡ ᠮᠢᠨᠢ
ᠮᠢᠨᠦ ᠯᠡ ᠮᠡᠳᠡᠬᠦ ᠡᠴᠡ ᠴᠠᠰᠢ
ᠡᠪᠦᠭᠡᠳ ᠦ᠋ᠨ ᠶᠠᠷᠢᠶ᠎ᠠ ᠪᠤᠭᠤᠷᠤᠯᠰᠢᠬᠰᠠᠨ
ᠪᠠᠢᠭᠠᠯ ᠡᠮᠡᠭᠡ ᠶ᠋ᠢᠨ ᠦᠷ᠎ᠡ ᠨᠢ ᠭᠡᠰᠡᠨ᠂
ᠪᠠᠶᠠᠨ ᠥᠨᠢᠷ ᠪᠣᠢᠵᠢᠭᠰᠠᠨ
ᠪᠠᠷᠭᠤ ᠬᠣᠶᠠᠷ ᠬᠡᠦᠬᠡᠨ
ᠬᠣᠢᠨ᠎ᠠ᠂ ᠤᠷᠢᠳᠠ ᠪᠠᠨ ᠬᠠᠷᠢᠯᠠᠵᠤ
ᠬᠣᠢᠴᠢ ᠭᠠᠯ ᠢ᠋ᠶ᠋ᠠᠨ ᠲᠦᠯᠡᠪᠡ ᠭᠡᠳᠡᠭ
ᠲᠡᠭᠡᠭᠡᠳ ᠴᠤ᠌ ᠪᠣᠯᠤᠭᠠᠳ
ᠲᠡᠷᠡ ᠶᠦᠮ ᠤᠤ ᠳᠠ
ᠲᠡᠨᠳᠡ ᠴᠢ ᠡᠨᠳᠡ ᠪᠢ
ᠬᠣᠯᠠ ᠪᠢᠰᠢ᠂ ᠣᠢᠷ᠎ᠠ
ᠣᠢᠷ᠎ᠠ ᠪᠢᠰᠢ᠂ ᠬᠣᠯᠠ
ᠬᠣᠭᠣᠷᠣᠨᠳᠣ ᠨᠢ ᠠᠭᠤᠵᠢᠮ ᠬᠣᠷᠸ᠎ᠠ ᠬᠥᠨᠳᠡᠯᠢᠰᠴᠦ ᠪᠠᠢᠪᠠᠴᠤ
ᠡᠯᠢᠭᠡ ᠭᠡᠳᠡᠭ ᠣᠨᠳᠣᠣ ᠶᠤᠮ ᠪᠠᠢᠨ᠎ᠠ
ᠡᠷᠢᠭᠳᠡᠵᠦ ᠰᠠᠨᠠᠭᠳᠠᠬᠤ ᠬᠡᠴᠡᠭᠦᠦ ᠪᠠᠢᠨ᠎ᠠ
ᠡᠮᠭᠡᠨᠢᠯ ᠳ᠋ᠦ᠍ ᠴᠢᠨᠢ ᠠᠳᠠᠯᠢᠬᠠᠨ ᠵᠣᠪᠠᠨ᠎ᠠ
ᠢᠨᠢᠶᠡᠮᠰᠦᠭᠯᠡᠯ ᠳ᠋ᠦ᠍ ᠴᠢᠨᠢ ᠴᠤᠭᠭᠠᠷ ᠪᠡᠶᠡᠰᠦᠨ᠎ᠡ᠃
4
ᠮᠡᠷᠭᠡᠯ ᠮᠢᠨᠢ
ᠮᠡᠷᠭᠡᠯ ᠴᠢ ᠮᠢᠨᠢ
ᠣᠨ ᠪᠣᠯᠭᠠᠨ ᠢ᠋ ᠬᠠᠭᠤᠳᠠᠰᠤ ᠪᠠᠷ ᠳᠡᠪᠲᠡᠷᠯᠡᠭᠰᠡᠨ
ᠤᠩᠰᠢᠭᠰᠠᠨ ᠪᠠ ᠤᠩᠰᠢᠭ᠎ᠠ ᠦᠭᠡᠢ
ᠣᠯᠠᠨ ᠣᠯᠠᠨ ᠪᠣᠳᠢ ᠨᠣᠮ ᠰᠢᠦ!
ᠭᠠᠵᠠᠷ ᠢ᠋ᠶ᠋ᠠᠨ ᠥᠪᠯᠡᠭᠰᠡᠨ
ᠥᠨᠳᠥᠷ ᠳᠡᠭᠡᠳᠦᠰ ᠦ᠋ᠨ
ᠥᠨᠥᠴᠢᠷᠡᠯ᠂ ᠵᠣᠪᠠᠯ᠂ ᠭᠤᠲᠤᠮᠰᠢᠯ
ᠡᠷᠭᠢᠭᠡᠳ ᠪᠠᠰᠠ ᠴᠢᠯᠠᠭᠤᠵᠢᠵᠤ ᠬᠠᠲᠠᠭᠤᠷᠠᠭᠰᠠᠨ
ᠡᠷᠡᠰ ᠬᠠᠲᠠᠭᠤ ᠡᠷᠡᠳᠡᠭᠦᠨ ᠵᠣᠷᠢᠭ
ᠬᠦᠰᠡᠯ ᠶᠦᠮ ᠰᠢᠦ!
ᠴᠢ ᠮᠢᠨᠢ
ᠭᠠᠩᠭᠠᠩ ᠴᠡᠪᠡᠷ ᠠᠭᠠᠰᠢ ᠲᠥᠷᠬᠦ ᠪᠡᠷ
ᠬᠦᠰᠡᠯ ᠦ᠋ᠨ ᠠᠷᠢᠭᠤᠨ ᠬᠡᠦᠬᠡᠨ ᠦᠷ᠎ᠡ ᠪᠡᠨ
ᠦᠨᠡᠨᠴᠢᠬᠡᠨ ᠵᠢᠷᠤᠮ ᠳ᠋ᠤ᠌
ᠬᠠᠲᠠᠭᠠᠵᠤ ᠰᠠᠨᠠᠭᠠᠰᠢᠷᠠᠵᠤ ᠪᠤᠳᠤᠭᠮᠠᠭᠯᠠᠨ
ᠰᠠᠢᠬᠠᠨ ᠭᠤᠸ᠎ᠠ ᠲᠤᠤᠯᠢ
ᠬᠠᠢᠯᠤᠭᠰᠠᠨ
ᠠᠮᠢᠰᠬᠤᠭ᠎ᠠ ᠶᠤᠮ ᠰᠢᠦ!
ᠴᠢ ᠮᠢᠨᠢ
ᠲᠥᠷᠥᠭᠰᠡᠨ ᠨᠤᠲᠤᠭ
ᠤᠤᠭᠤᠭᠰᠠᠨ ᠤᠰᠤᠨ ᠳ᠋ᠠᠭᠠᠨ
ᠲᠡᠦᠬᠡ ᠪᠦᠲᠦᠭᠡᠵᠦ
ᠤᠯᠠᠷᠢᠯ ᠢ᠋ᠶ᠋ᠠᠷ ᠳᠠᠭᠤᠯᠠᠭᠰᠠᠨ
ᠥᠨᠢ ᠶ᠋ᠢᠨ ᠲᠤᠤᠯᠢ
ᠥᠨᠥ ᠶ᠋ᠢᠨ ᠳᠠᠭᠤᠤ
ᠥᠷᠨᠢᠬᠦ ᠡᠴᠡ ᠪᠠᠳᠠᠷᠠᠯ
ᠥᠭᠡᠳᠡᠷᠬᠡᠭ ᠬᠦᠰᠡᠯ ᠦ᠋ᠨ
ᠬᠠᠢᠯᠭᠠᠨ ᠳᠠᠭᠤᠯᠠᠯ ᠤ᠋ᠨ
ᠬᠠᠩᠭᠢᠨᠠᠭ᠎ᠠ ᠶᠤᠮ ᠰᠢᠦ!
ᠴᠢ ᠮᠢᠨᠢ
ᠲᠥᠷᠥᠯᠬᠢ ᠴᠢᠨᠠᠷ ᠢ᠋ᠶ᠋ᠠᠨ ᠭᠣᠯᠣᠵᠤ ᠬᠤᠪᠢᠷᠠᠭ᠎ᠠ ᠦᠭᠡᠢ
ᠲᠦᠪᠴᠢ ᠠᠭᠤᠳᠠᠮᠬᠠᠨ ᠬᠠᠯᠠᠭᠤᠨ ᠪᠣᠳᠣᠯ
ᠤᠭᠠᠯᠵᠠᠨ ᠰᠥᠭᠥᠬᠡᠢ ᠶ᠋ᠢᠨ ᠣᠶᠣᠳᠠᠯ ᠢ᠋ ᠳᠠᠭᠤᠷᠢᠶᠠᠵᠤ
ᠤᠷᠤᠰᠴᠤ ᠮᠡᠯᠲᠡᠷᠡᠭᠡᠳ ᠳᠣᠨᠣᠯᠵᠠᠩᠬᠠᠨ ᠪᠠᠢᠨ᠎ᠠ ᠠ᠋᠃
5
ᠮᠡᠷᠭᠡᠯ ᠮᠢᠨᠢ
ᠮᠡᠷᠭᠡᠯ ᠴᠢ ᠮᠢᠨᠢ
ᠤᠷᠠᠨ ᠴᠡᠮᠴᠡᠭᠡᠷ ᠲᠥᠯᠥᠪ ᠢ᠋ ᠴᠢᠨᠢ ᠳᠠᠭᠤᠷᠢᠶᠠᠵᠤ
ᠤᠬᠠᠭᠠᠯᠢᠭ ᠴᠣᠪᠣᠭᠣ ᠠᠷᠠᠨᠰᠢᠨ ᠢ᠋ ᠴᠢᠨᠢ ᠠᠭᠠᠯᠢᠳᠠᠵᠤ
ᠠᠭᠤᠯᠠ ᠬᠥᠲᠥᠯ ᠴᠢᠨᠢ ᠪᠦᠭᠦᠳᠡᠭᠡᠷ ᠢ᠋ᠶ᠋ᠡᠨ
ᠴᠡᠩᠬᠡᠷᠯᠡᠵᠦ ᠰᠦᠮᠡᠯᠵᠡᠨ ᠵᠡᠷᠭᠡᠯᠭᠡᠲᠦᠨᠡ
ᠤᠰᠤ ᠪᠣᠯᠭᠠᠨ ᠴᠢᠨᠢ ᠪᠤᠯᠲᠤ ᠪᠠᠷ ᠢ᠋ᠶ᠋ᠠᠨ
ᠤᠷᠠᠨ ᠡᠮᠵᠢᠶᠡᠷᠢ ᠪᠡᠷ ᠵᠤᠷᠠᠢᠭᠠᠳ
ᠤᠷᠤᠰᠤᠩᠬᠠᠨ ᠳᠠᠭᠤᠯᠠᠨ ᠰᠠᠢᠪᠤᠷᠯᠠᠨᠠ᠂
ᠤᠷᠢᠲᠠᠵᠤ ᠬᠦᠷᠦᠭᠰᠡᠨ ᠵᠣᠴᠢᠨ ᠳ᠋ᠤ᠌
ᠤᠳᠤᠮ ᠤ᠋ᠨ ᠵᠠᠩᠰᠢᠯ ᠢ᠋ᠶ᠋ᠠᠨ ᠣᠷᠬᠢᠭ᠎ᠠ ᠦᠭᠡᠢ
ᠠᠭᠤᠯᠵᠠᠵᠤ ᠲᠠᠨᠢᠯᠴᠠᠭᠰᠠᠨ ᠨᠥᠬᠥᠳ ᠲᠡᠭᠡᠨ
ᠤᠷᠢᠬᠠᠨ ᠰᠡᠳᠬᠢᠯ ᠢ᠋ᠶ᠋ᠡᠨ ᠬᠠᠶᠠᠭ᠎ᠠ ᠦᠭᠡᠢ
ᠠᠷᠠᠳ ᠣᠯᠠᠨ ᠨᠠᠢᠵᠠ ᠠᠨᠳᠠ ᠪᠠᠨ
ᠠᠯᠠᠭ ᠨᠢᠳᠦ ᠪᠡᠷ ᠢ᠋ᠶ᠋ᠡᠨ ᠮᠡᠯᠮᠡᠷᠡᠭᠦᠯᠦᠨ ᠠᠶᠠᠷᠯᠠᠵᠤ
ᠳᠤᠷᠠᠰᠤᠯ ᠬᠣᠨᠣᠭᠰᠢᠭᠤᠯᠤᠨ ᠳᠤᠷᠠᠳᠬᠠᠯ ᠢ᠋ᠶ᠋ᠠᠷ ᠮᠣᠷᠳᠠᠭᠤᠯᠤᠨ᠎ᠠ ᠪᠢᠯᠡ!
6
ᠮᠡᠷᠭᠡᠯ ᠮᠢᠨᠢ
ᠮᠡᠷᠭᠡᠯ ᠴᠢ ᠮᠢᠨᠢ
ᠠᠵᠢᠨ ᠲᠦᠵᠡᠨ ᠠᠢᠯ ᠵᠤᠨ
ᠠᠮᠢᠳᠤᠷᠠᠯ ᠬᠥᠷᠥᠩᠭᠡ ᠲᠡᠢ
ᠥᠳᠬᠡᠨ ᠴᠤ᠌ ᠪᠦᠯᠢ
ᠦᠢᠯᠡᠰ ᠢ᠋ᠶ᠋ᠡᠨ ᠪᠦᠲᠦᠭᠡᠵᠦ ᠴᠣᠭᠴᠠᠯᠠᠭᠠ
ᠥᠨᠢᠷ ᠶᠡᠬᠡ ᠭᠡᠷ ᠲᠤ
ᠲᠠᠨᠢᠯᠴᠠᠵᠤ ᠪᠠᠢᠭᠰᠠᠨ ᠳᠠᠰᠤᠯᠴᠠᠵᠤ ᠶᠠᠪᠤᠭᠰᠠᠨ᠃
ᠦᠷᠡᠵᠢᠯᠲᠡ ᠪᠡᠨ ᠪᠠᠲᠤᠯᠠᠵᠤ ᠠᠷᠠᠴᠢᠯᠠᠭ᠎ᠠ
ᠭᠠᠪᠢᠶᠠᠲᠤ ᠮᠠᠯᠴᠢᠳ ᠲᠠᠢ ᠴᠢᠨᠢ
ᠥᠭᠭᠢᠶᠡᠮᠦᠷ ᠰᠠᠢᠴᠤᠤᠯ ᠤ᠋ᠨ ᠲᠠᠩᠬᠢᠮ ᠳ᠋ᠤ᠌
ᠣᠷᠣᠯᠴᠠᠵᠤ ᠪᠠᠢᠭᠰᠠᠨ ᠣᠮᠣᠭᠰᠢᠵᠤ ᠰᠠᠭᠤᠭᠰᠠᠨ᠃
ᠰᠢᠨᠵᠢᠯᠡᠬᠦ ᠳ᠋ᠦ᠍ ᠰᠢᠭᠤᠳᠤᠭᠰᠠᠨ
ᠰᠢᠨᠡᠬᠡᠨ ᠣᠶᠤᠲᠠᠳ ᠲᠠᠢ ᠴᠢᠨᠢ
ᠰᠢᠷᠡᠭᠡ ᠬᠠᠪᠴᠢᠨ
ᠰᠤᠷᠤᠯᠴᠠᠵᠤ ᠰᠠᠭᠤᠭᠰᠠᠨ ᠰᠢᠮᠳᠠᠵᠤ ᠪᠠᠢᠭᠰᠠᠨ
ᠰᠢᠯᠦᠭ ᠲᠤ ᠥᠷᠢ ᠲᠡᠢ
ᠨᠠᠢᠷᠠᠭᠴᠢ ᠠᠬ᠎ᠠ ᠲᠠᠢ ᠪᠠᠨ
ᠰᠢᠬᠢᠷ ᠪᠤᠷᠠᠮ ᠰᠢᠭ᠋ ᠰᠢᠯᠦᠰᠦ ᠬᠤᠷᠠᠭᠤᠯᠵᠤ
ᠨᠠᠷᠭᠢᠯᠳᠤᠵᠤ ᠪᠠᠢᠯ᠎ᠠ ᠨᠠᠭᠠᠳᠴᠤ ᠴᠤ᠌ ᠶᠠᠪᠤᠯ᠎ᠠ᠃
7
ᠮᠡᠷᠭᠡᠯ ᠮᠢᠨᠢ
ᠮᠡᠷᠭᠡᠯ ᠴᠢ ᠮᠢᠨᠢ
ᠳᠠᠯᠠᠢ ᠪᠤᠢᠷ ᠤ᠋ᠨ ᠲᠠᠰᠤᠷᠬᠠᠢ ᠪᠢᠯᠢᠤ ᠴᠢ
ᠳᠠᠪᠠᠯᠭᠠᠨ ᠬᠥᠯᠥᠨ ᠦ᠌ ᠰᠠᠯᠪᠤᠷᠢ ᠴᠤ᠌ ᠪᠢᠯᠢᠤ ᠴᠢ
ᠬᠣᠯᠠᠴᠢ ᠭᠦᠶᠦᠳᠡᠯ ᠦ᠋ᠨ ᠬᠡᠷᠦᠯᠦᠨ ᠮᠢᠨᠢ ᠶᠠᠷᠢᠵᠤ᠂
ᠬᠣᠶᠠᠷ ᠦᠭᠡᠢ ᠰᠡᠳᠬᠢᠯᠲᠦ ᠣᠷᠱᠤᠨ ᠬᠦᠦᠷᠨᠢᠵᠦ
ᠨᠠᠮᠢᠶᠠᠳᠠ ᠤᠴᠠᠷᠠᠳᠠᠭ ᠢᠮᠢᠨ ᠮᠢᠨᠢ ᠳᠤᠷᠠᠰᠴᠤ
ᠨᠠᠯᠠᠭᠠᠷᠬᠠᠨ ᠲᠠᠯᠮᠢᠶᠠᠷᠠᠬᠤ ᠮᠡᠷᠭᠡᠯ ᠮᠢᠨᠢ ᠮᠥᠷᠥᠭᠡᠳᠦᠭᠰᠡᠨ
ᠳᠥᠷᠪᠡᠨ ᠮᠥᠴᠢᠨ ᠳ᠋ᠦ᠍ ᠡᠷᠡᠴᠢᠯᠡᠭᠡ
ᠴᠢᠳᠠᠯ ᠰᠢᠷᠪᠥᠰᠥ ᠮᠢᠨᠢ ᠪᠢᠯᠡ
ᠳᠥᠷᠥᠭᠡ ᠵᠢᠭᠢᠭᠡᠳ ᠥᠨᠳᠡᠢᠳᠡᠭ
ᠪᠠᠷᠭᠤ ᠶᠠᠰᠤᠲᠠᠨ ᠤ᠋ ᠲᠤᠷᠪᠢ ᠬᠦᠴᠦᠨ ᠪᠢᠯᠡ
ᠲᠥᠷᠥ ᠭᠦᠷᠦᠨ ᠦ᠌ ᠴᠣᠭᠴᠠᠰ ᠲᠤ
ᠲᠥᠬᠥᠷ ᠮᠠᠬᠠᠪᠣᠳ ᠤ᠋ᠨ ᠪᠦᠷᠢᠯᠳᠦᠴᠡ ᠪᠢᠯᠡ
ᠲᠥᠷᠥᠭᠰᠡᠨ ᠮᠢᠨᠦ ᠵᠢᠷᠦᠬᠡᠨ ᠳ᠋ᠦ᠍
ᠲᠦᠭᠰᠢᠭᠦᠯᠵᠦ ᠪᠠᠢᠭ᠎ᠠ ᠰᠤᠳᠠᠰᠤ ᠪᠢᠯᠡ᠃
8
ᠮᠡᠷᠭᠡᠯ ᠮᠢᠨᠢ
ᠮᠡᠷᠭᠡᠯ ᠴᠢ ᠮᠢᠨᠢ
ᠭᠠᠩᠭᠠᠩ ᠪᠠᠢᠭᠠᠯᠢ ᠶ᠋ᠢᠨ ᠵᠢᠰᠦᠨ ᠳ᠋ᠦ᠍
ᠭᠠᠵᠠᠷ ᠵᠡᠭᠦᠯᠭᠡᠭᠰᠡᠨ ᠰᠣᠨᠳᠣᠷ ᠶᠤᠮ
ᠭᠠᠩ ᠭᠠᠴᠢᠭ ᠤ᠋ᠨ ᠮᠡᠳᠬᠡᠭᠡᠨ ᠳ᠋ᠦ᠍
ᠭᠠᠷ ᠢ᠋ᠶ᠋ᠠᠷ ᠬᠦᠷᠲᠡᠬᠦ ᠡᠮ ᠯᠡ ᠶᠦᠮ
ᠵᠤᠳ ᠭᠠᠮᠰᠢᠭ ᠬᠠᠷᠰᠢᠬᠤ ᠳ᠋ᠤ᠌
ᠲᠠᠮᠢᠷ ᠢ᠋ᠶ᠋ᠠᠷ ᠦᠯᠡᠯᠵᠡᠬᠦ ᠷᠠᠰᠢᠶᠠᠨ ᠶᠤᠮ
ᠵᠤᠨ᠂ ᠡᠪᠦᠯ ᠦ᠋ᠨ ᠮᠥᠴᠡᠯᠭᠡ ᠳ᠋ᠦ᠍
ᠲᠠᠷᠳᠠᠵᠤ ᠰᠤᠯᠠᠷᠠᠬᠤ ᠦᠭᠡᠢ ᠲᠡᠩᠬᠡᠭᠡ ᠯᠡ ᠶᠦᠮ᠃
9
ᠮᠡᠷᠭᠡᠯ ᠮᠢᠨᠢ
ᠮᠡᠷᠭᠡᠯ ᠴᠢᠮᠠᠶ᠋ᠢ ᠰᠠᠨᠠᠭᠰᠠᠨ ᠬᠥᠮᠦᠨ
ᠮᠡᠭᠰᠢᠬᠦ ᠪᠢᠰᠢ ᠪᠦᠷ ᠤᠬᠢᠯᠠᠬᠤ ᠶᠤᠮ
ᠮᠢᠨᠵᠢᠨ ᠬᠠᠯᠢᠭᠤᠨ ᠨᠢᠳᠤᠷᠭ᠎ᠠ ᠪᠠᠨ
ᠨᠣᠷᠲᠠᠯᠠ ᠤᠬᠢᠯᠠᠬᠤ ᠶᠤᠮ᠂
ᠤᠬᠢᠯᠠᠬᠤ ᠳ᠋ᠠᠭᠠᠨ
ᠳᠣᠯᠭᠢᠶᠠᠨ ᠳ᠋ᠤ᠌ ᠴᠢᠨᠢ ᠬᠠᠶᠠᠯᠭ᠎ᠠ ᠨᠡᠮᠡᠭᠡᠳ
ᠬᠠᠶᠠᠯᠭᠠᠨ ᠳ᠋ᠤ᠌ ᠴᠢᠨᠢ ᠳᠠᠪᠠᠯᠭ᠎ᠠ ᠪᠣᠯᠤᠭᠠᠳ
ᠲᠣᠬᠣᠢᠷᠠᠭᠰᠠᠨ ᠪᠤᠯᠤᠩ ᠪᠦᠷᠢ ᠴᠢᠨᠢ
ᠳᠠᠭᠤᠤ ᠪᠣᠯᠤᠭᠠᠳ ᠬᠠᠩᠭᠢᠨᠠᠵᠤ ᠪᠠᠢᠨ᠎ᠠ
ᠳᠤᠷᠠᠰᠤᠯ ᠢ᠋ ᠰᠦᠯᠡᠭᠡᠳ
ᠬᠣᠨᠢᠴᠢᠨ ᠠᠳᠤᠭᠤᠴᠢᠨ ᠤ᠋
ᠬᠣᠩᠭᠣᠷᠬᠠᠨ ᠵᠢᠷᠦᠬᠡᠨ ᠳ᠋ᠦ᠍
ᠴᠣᠬᠢᠯᠭ᠎ᠠ ᠨᠡᠮᠡᠵᠦ
ᠬᠣᠯᠠ ᠠ᠋ᠴᠠ ᠣᠢᠷ᠎ᠠ ᠪᠣᠯᠵᠤ
ᠣᠢᠷ᠎ᠠ ᠠ᠋ᠴᠠ ᠬᠣᠯᠠ ᠪᠣᠯᠵᠤ
ᠬᠣᠶᠠᠷ ᠨᠢᠳᠦᠨ ᠳ᠋ᠦ᠍ ᠬᠠᠷᠠᠭᠳᠠᠵᠤ ᠪᠠᠢᠨ᠎ᠠ ᠠ᠋᠃
10
ᠮᠡᠷᠭᠡᠯ ᠮᠢᠨᠢ
ᠴᠢᠮᠠᠶ᠋ᠢ ᠪᠢ ᠰᠠᠨᠠᠯ᠎ᠠ
ᠰᠠᠨᠠᠬᠤ ᠰᠠᠨᠠᠬᠤ ᠳ᠋ᠠᠭᠠᠨ
ᠴᠠᠢ ᠢᠳᠡᠭᠡᠨ ᠡᠴᠡ ᠭᠠᠷᠤᠯ᠎ᠠ
ᠤᠯᠠᠷᠢᠵᠤ ᠬᠤᠪᠢᠰᠳᠠᠭ ᠡᠩ ᠳᠡᠯᠡᠬᠡᠢ ᠳ᠋ᠦ᠍
ᠤᠷᠢᠨ ᠢᠷᠡᠨ᠎ᠡ᠂ ᠬᠢᠷᠠᠭᠤ ᠪᠠᠭᠤᠨ᠎ᠠ
ᠤᠶᠠᠷᠠᠵᠤ ᠰᠠᠷᠠᠪᠴᠢᠯᠠᠭ᠎ᠠ ᠬᠠᠨᠢ ᠴᠢᠨᠢ ᠪᠢ
ᠣᠴᠢᠵᠤ ᠢᠷᠡᠬᠦ ᠶ᠋ᠢᠨ ᠬᠤᠲᠤᠭ ᠲᠠᠯᠪᠢᠨ᠎ᠠ
ᠪᠠᠶᠠᠷᠲᠠᠢ! ᠮᠡᠷᠭᠡᠯ ᠮᠢᠨᠢ
ᠪᠠᠳᠠᠭ ᠢ᠋ᠶ᠋ᠠᠷ ᠭᠡᠮᠨᠡᠭᠰᠡᠨ ᠢᠷᠦᠭᠡᠯ ᠬᠦᠷᠭᠡᠶ᠎ᠡ
ᠪᠡᠶᠡᠰᠴᠦ ᠲᠡᠯᠡᠮᠡᠭᠦᠯᠬᠦ ᠮᠢᠨᠦ ᠰᠡᠳᠬᠢᠯ
ᠪᠠᠯᠭᠤᠬᠤ ᠴᠠᠢ ᠳ᠋ᠤ᠌ ᠴᠢᠨᠢ ᠢᠳᠡᠭᠡᠰᠢᠵᠦ ᠰᠢᠩᠭᠡᠭᠡᠷᠡᠢ!
ᠮᠡᠷᠭᠡᠯ ᠮᠢᠨᠢ
ᠮᠢᠨᠦ ᠬᠠᠢᠷᠠᠲᠠᠢ ᠮᠡᠷᠭᠡᠯ ᠮᠢᠨᠢ
ᠴᠡᠩᠬᠡᠷ ᠲᠣᠷᠭᠠᠨ ᠠᠯᠴᠢᠭᠤᠷ ᠲᠠᠭᠠᠨ
ᠴᠡᠴᠡᠭ ᠳᠡᠷᠪᠡᠭᠦᠯᠦᠨ ᠨᠢᠰᠬᠡᠵᠦ ᠪᠠᠢᠭᠠᠷᠠᠢ
ᠴᠢᠩ ᠰᠡᠳᠬᠢᠯ ᠦ᠋ᠨ ᠳᠤᠤᠯᠢᠶᠠᠨ ᠳ᠋ᠠᠭᠠᠨ
ᠴᠢᠬᠢ ᠬᠠᠩᠭᠢᠨᠠᠬᠤ ᠶ᠋ᠢ ᠰᠣᠨᠣᠰᠴᠤ ᠪᠠᠢᠭᠠᠷᠠᠢ!
ᠬᠡᠦᠬᠡᠨ ᠬᠥᠮᠦᠨ ᠦ᠌ ᠵᠠᠶᠠᠭ᠎ᠠ ᠠᠯᠤᠰ ᠲᠤ ᠭᠡᠵᠦ
ᠭᠣᠮᠣᠷᠬᠠᠬᠤ ᠪᠢᠰᠢ ᠶᠦᠮ ᠰᠢᠦ᠂ ᠪᠠᠶᠠᠷᠯᠠᠬᠤ ᠶᠤᠮ
ᠬᠦᠰᠡᠯ ᠦ᠋ᠨ ᠦᠨᠳᠦᠰᠦ ᠲᠦᠭᠡᠯ᠎ᠡ ᠭᠡᠵᠦ
ᠪᠠᠬᠠᠰᠢᠶᠠᠬᠤ ᠶᠤᠮ ᠪᠠᠶᠠᠰᠬᠤ ᠶᠤᠮ
ᠬᠦᠯᠢᠶᠡᠯᠲᠡ ᠨᠠᠢᠳᠠᠯᠭ᠎ᠠ ᠶ᠋ᠢᠨ ᠤᠷᠲᠤᠬᠠᠨ ᠵᠠᠢ ᠭᠡᠵᠦ
ᠪᠠᠴᠢᠮᠳᠠᠬᠤ ᠪᠢᠰᠢ ᠰᠢᠦ᠂ ᠢᠲᠡᠭᠡᠬᠦ ᠶᠦᠮ
ᠬᠦᠰᠡᠯ ᠦ᠋ᠨ ᠨᠠᠨᠳᠢᠨ ᠡᠷᠬᠢᠮ ᠪᠠᠢᠨ᠎ᠠ ᠭᠡᠵᠦ
ᠬᠠᠢᠷᠠᠯᠠᠬᠤ ᠶᠤᠮ ᠬᠠᠳᠠᠭᠠᠯᠠᠬᠤ ᠶᠤᠮ᠂
ᠮᠡᠷᠭᠡᠯ ᠮᠢᠨᠢ ᠳᠡ!
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 05
