ᠬᠠᠷ᠎ᠠ ᠭᠤᠷᠪᠠᠯᠵᠢ ᠡᠪᠡᠰᠦХар гурвалж өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠭᠤᠷᠪᠠᠯᠵᠢ ᠡᠪᠡᠰᠦХар гурвалж өвс

ᠬᠠᠷ᠎ᠠ ᠭᠤᠷᠪᠠᠯᠵᠢ ᠡᠪᠡᠰᠦХар гурвалж өвс

2024-04-17

279

ᠬᠠᠷ᠎ᠠ ᠭᠤᠷᠪᠠᠯᠵᠢ ᠡᠪᠡᠰᠦ

                  ᠬᠠᠷ᠎ᠠ ᠭᠤᠷᠪᠠᠯᠵᠢ ᠡᠪᠡᠰᠦᠨ ‍ᠦ ᠢᠵᠠᠭᠤᠷ
         ᠣᠯᠠᠨ ᠨᠠᠰᠤᠲᠤ ᠡᠪᠡᠰᠦᠯᠢᠭ ᠤᠷᠭᠤᠮᠠᠯ᠂50—100cm ᠥᠨᠳᠥᠷ᠃ ᠬᠥᠨᠳᠡᠯᠡᠨ ᠤᠷᠭᠤᠬᠤ ᠥᠨᠳᠦᠰᠦᠯᠢᠭ ᠡᠰᠢ ᠨᠢ ᠪᠥᠭᠡᠷᠡᠩᠬᠡᠢ ᠪᠠᠭᠠᠨ᠎ᠠ  ᠬᠡᠯᠪᠡᠷᠢ ᠲᠡᠢ᠂ ᠳᠣᠣᠷ᠎ᠠ ᠲᠠᠯ᠎ᠠ ᠳ᠋ᠤᠨᠢ ᠣᠬᠣᠷ ᠲᠥᠮᠥᠰᠥᠯᠢᠭ ᠡᠰᠢ ᠤᠷᠭᠤᠨ᠎ᠠ᠃ ᠭᠠᠵᠠᠷ ᠳᠡᠭᠡᠷᠡᠬᠢ ᠡᠰᠢ ᠨᠢ ᠰᠢᠯᠤᠭᠤᠨ᠂ ᠪᠥᠭᠡᠷᠡᠩᠬᠡᠢ ᠪᠠᠭᠠᠨ᠎ᠠ  ᠬᠡᠯᠪᠡᠷᠢ ᠲᠡᠢ᠂ 60—95cm ᠤᠷᠲᠤ᠂7—12mm ᠥᠷᠭᠡᠨ ᠪᠥᠭᠡᠳ ᠤᠭ ᠨᠢ ᠡᠰᠢ ᠪᠡᠨ ᠪᠠᠭᠯᠠᠵᠤ ᠪᠤᠢ᠂ ᠠᠷᠤ ᠳ᠋ᠤᠨᠢ ᠨᠢᠭᠡᠨ ᠭᠤᠯᠳᠤ ᠢᠷᠮᠡᠭ ᠲᠡᠢ᠃  ᠴᠡᠴᠡᠭ ᠦ᠋ᠨ ᠡᠰᠢ ᠨᠢ ᠭᠠᠭᠴᠠᠭᠠᠷ ᠤᠷᠭᠤᠨ᠎ᠠ᠂ ᠵᠠᠷᠢᠮ ᠳ᠋ᠠᠭᠠᠨ ᠰᠠᠯᠠᠭᠠᠯᠠᠨ᠎ᠠ; ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠲᠣᠯᠣᠭᠠᠢ ᠬᠡᠯᠪᠡᠷᠢᠲᠦ ᠪᠠᠭ ᠴᠡᠴᠡᠭ ᠪᠦᠷᠢᠯᠳᠦᠨ᠎ᠡ᠂5—4 ᠴᠡᠴᠡᠭ ᠦ᠋ᠨ ᠰᠢᠳᠠᠷ ᠲᠠᠢ; ᠡᠷ᠎ᠡ ᠪᠠᠭ ᠴᠡᠴᠡᠭ ᠦ᠋ᠨ ᠳ᠋ᠢᠶᠠᠮᠧᠲ᠋ᠷ ᠨᠢ10mm ᠣᠷᠴᠢᠮ᠂ ᠳᠡᠭᠡᠳᠦ ᠬᠡᠰᠡᠭ ᠲᠤ ᠤᠷᠭᠤᠨ᠎ᠠ᠂ ᠶᠡᠷᠦ ᠳ᠋ᠡᠭᠡᠨ ᠨᠢᠭᠡ ᠡᠰᠢᠨ ᠳ᠋ᠦ ᠬᠣᠶᠠᠷ ᠪᠠᠶ᠋ᠢᠳᠠᠭ᠂ ᠴᠡᠴᠡᠭ ᠪᠦᠷᠢ ᠨᠢ ᠭᠤᠷᠪᠠᠨ ᠡᠷ᠎ᠡ ᠲᠣᠭᠣᠷᠴᠣᠭ ᠲᠠᠢ; ᠡᠮ᠎ᠡ ᠪᠠᠭ ᠴᠡᠴᠡᠭ ᠦ᠋ᠨ ᠳ᠋ᠢᠶᠠᠮᠧᠲ᠋ᠷ ᠨᠢ12mm ᠣᠷᠴᠢᠮ᠂ ᠳᠣᠣᠷᠠᠳᠤ ᠬᠡᠰᠡᠭ ᠲᠤ ᠤᠷᠭᠤᠨ᠎ᠠ᠂ ᠶᠡᠷᠦ ᠳ᠋ᠡᠭᠡᠨ ᠡᠰᠢ ᠪᠦᠷᠢ ᠳ᠋ᠦ1—3 ᠪᠤᠢ; ᠡᠮ᠎ᠡ ᠴᠡᠴᠡᠭ ᠦ᠋ᠨ ᠤᠮᠠᠢ ᠨᠢ ᠡᠭᠡᠷᠡᠭᠦᠯ ᠬᠡᠯᠪᠡᠷᠢ ᠲᠡᠢ᠂ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠰᠢᠷᠬᠡᠭ ᠬᠡᠯᠪᠡᠷᠢᠲᠦ ᠪᠥᠭᠡᠳ3—4mm ᠤᠷᠲᠤ᠃ ᠵᠢᠮᠢᠰ ᠨᠢ ᠶᠠᠰᠤᠲᠤ ᠵᠢᠮᠢᠰ ᠦ᠋ᠨ ᠬᠡᠯᠪᠡᠷᠢ ᠲᠡᠢ᠂ ᠪᠠᠷᠢᠭᠤᠯ ᠦᠭᠡᠢ᠂ ᠲᠣᠩᠭᠣᠷᠠᠭᠤ ᠱᠣᠷᠣᠯᠵᠢᠨ ᠬᠡᠯᠪᠡᠷᠢ ᠲᠡᠢ ᠪᠥᠭᠡᠳ ᠮᠥᠩᠬᠡ ᠣᠷᠣᠰᠢᠬᠤ ᠬᠠᠲᠠᠮᠠᠯ ᠰᠠᠷᠢᠰᠤᠯᠢᠭ ᠴᠡᠴᠡᠭ ᠦ᠋ᠨ ᠰᠢᠳᠠᠷ ᠲᠠᠢ᠂6—10mm ᠤᠷᠲᠤ ᠳ᠋ᠢᠶᠠᠮᠧᠲ᠋ᠷ ᠨᠢ4—8mm᠃
         ᠨᠠᠭᠤᠷ ᠴᠥᠭᠥᠷᠥᠮ ᠬᠢᠭᠡᠳ ᠤᠰᠤᠨ ᠰᠤᠪᠠᠭ ᠲᠤ ᠪᠦᠯᠦᠭᠯᠡᠨ ᠪᠠᠭᠯᠠᠷᠠᠵᠤ ᠤᠷᠭᠤᠨ᠎ᠠ᠃
            ᠮᠠᠨ ‍ᠤ ᠤᠯᠤᠰ ᠦ᠋ᠨ ᠥᠪᠥᠷ ᠮᠣᠩᠭᠣᠯ᠂ ᠯᠢᠶᠣᠤᠨᠢᠩ᠂ ᠭᠢᠷᠢᠨ᠂ ᠬᠠᠷᠠᠮᠦ᠋ᠷᠡᠨ᠂ ᠰᠢᠨᠵᠢᠶᠠᠩ᠂ ᠾᠧᠪᠧᠢ᠂ ᠱᠠᠨᠳᠦ᠋ᠩ᠂ ᠱᠠᠨᠰᠢ ᠵᠡᠷᠭᠡ ᠮᠣᠵᠢ ᠣᠷᠣᠨ ᠳ᠋ᠤ ᠪᠦᠷ ᠤᠷᠭᠤᠳᠠᠭ᠃
      ᠲᠥᠮᠥᠰᠥᠯᠢᠭ ᠡᠰᠢ ᠶ᠋ᠢᠨ ᠬᠢᠨᠢ ᠬᠠᠯᠢᠰᠤ ᠶ᠋ᠢ  ᠠᠪᠴᠤ ᠬᠠᠶᠠᠭᠠᠳ ᠡᠮ ᠨᠠᠶ᠋ᠢᠷᠠᠭᠤᠯᠳᠠᠭ᠃ ᠭᠣᠣᠯᠳᠠᠭᠤ ᠡᠮᠡᠭᠲᠡᠢ ᠬᠥᠮᠦᠨ ‍ᠦ ᠡᠪᠡᠳᠴᠢᠨ ᠊ᠢ ᠵᠠᠰᠠᠨ᠎ᠠ᠃
         ᠬᠢᠲᠠᠳ ᠨᠡᠷ᠎ᠡ᠄黑三棱
          ᠠᠩᠭ᠌ᠯᠢ ᠨᠡᠷ᠎ᠡ᠄Sparganium        stoloniferum      (Gracbn.)Bch.—Ham.exTuz.
         ᠦᠰᠦᠭ ᠠᠮᠢᠯᠠᠭᠤᠯᠤᠭᠴᠢ᠄ ᠤ     ᠰᠡᠴᠡᠨᠲᠦ
          ᠬᠢᠨᠠᠭᠴᠢ᠄ ᠫᠣ· ᠴᠠᠭᠠᠨ