ᠪᠦᠭᠦᠷᠭᠡ ᠲᠦᠰᠢᠭᠰᠡᠨ ᠪᠣᠳᠣᠯ - ᠴᠣ ᠂ ᠣᠷᠱᠤᠨ Бүүрэг түшсэн бодол – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠭᠦᠷᠭᠡ ᠲᠦᠰᠢᠭᠰᠡᠨ ᠪᠣᠳᠣᠯ - ᠴᠣ ᠂ ᠣᠷᠱᠤᠨ Бүүрэг түшсэн бодол – Чо ᠂ Оршин

ᠪᠦᠭᠦᠷᠭᠡ ᠲᠦᠰᠢᠭᠰᠡᠨ ᠪᠣᠳᠣᠯ - ᠴᠣ ᠂ ᠣᠷᠱᠤᠨ Бүүрэг түшсэн бодол – Чо ᠂ Оршин

2024-04-16

344

ᠪᠦᠭᠦᠷᠭᠡ ᠲᠦᠰᠢᠭᠰᠡᠨ ᠪᠣᠳᠣᠯ


            《ᠲᠦᠰᠢᠭᠰᠡᠨ    ᠪᠦᠭᠦᠷᠭᠡ ᠮᠢᠨᠢ ᠲᠡᠦᠬᠡ ᠶ᠋ᠢᠨ ᠮᠡᠳᠡᠯᠭᠡ ᠪᠠᠢᠯ᠎ᠠ 
               ᠲᠥᠷᠥᠭᠳᠡᠭᠰᠡᠨ ᠪᠣᠳᠣᠯ ᠲᠡᠭᠦᠨ ᠦ᠌ ᠬᠢᠴᠢᠶᠡᠯ ᠪᠢᠯᠢᠤ》 
                — ᠡᠪᠦᠷ ᠳᠡᠪᠲᠡᠷ ᠡᠴᠡ     
       ᠪᠦᠭᠦᠷᠭᠡ ᠲᠦᠰᠢᠭᠰᠡᠨ ᠪᠣᠳᠣᠯ 

 ᠠᠯᠲᠠᠨ ᠡᠮᠡᠭᠡᠯ ᠦ᠋ᠨ ᠪᠦᠭᠦᠷᠭᠡ ᠲᠦᠰᠢᠬᠦ ᠳ᠋ᠦ᠍ 
 ᠠᠢᠵᠠᠮ ᠬᠡᠮᠨᠡᠭᠰᠡᠨ ᠬᠡᠷᠦᠯᠦᠨ ᠰᠢᠯᠦᠭᠯᠡᠨ᠎ᠡ᠂ 
 ᠥᠨᠵᠢᠭᠡᠳ ᠭᠠᠷᠬᠤ ᠳ᠋ᠤ᠌ ᠠᠮᠢᠳᠤᠷᠠᠯ ᠷᠣᠮᠠᠨᠲ᠋ᠢᠭ ᠠᠮᠠᠭᠠᠢ ᠵᠠᠭᠤᠭᠰᠠᠨ ᠠᠭᠰᠤᠮ ᠬᠦᠯᠦᠭ ᠦ᠋ᠨ 
 《 ᠠᠯᠲᠠᠨ ᠡᠮᠡᠭᠡᠯ》 ᠬᠣᠲᠠ ᠨᠢ ᠪᠠᠢᠨ᠎ᠠ᠂ 
 ᠠᠯᠠᠪᠬᠢᠨ ᠮᠣᠷᠳᠠᠭᠠᠳ ᠠᠰᠢᠳᠠ ᠥᠨᠳᠡᠢᠭᠰᠡᠨ 
 ᠠᠵᠢᠯᠴᠢ ᠮᠠᠯᠴᠢᠳ ᠡᠵᠡᠨ ᠨᠢ ᠪᠠᠢᠨ᠎ᠠ᠂ 
 ᠥᠯᠵᠡᠢᠲᠦ ᠨᠤᠲᠤᠭ ᠲᠤ ᠦᠢᠯᠡᠰ ᠪᠤᠰᠬᠠᠭᠰᠠᠨ 
 ᠥᠷᠨᠢᠯ ᠬᠥᠭᠵᠢᠯ ᠦ᠋ᠨ ᠵᠢᠪᠬᠤᠭ᠎ᠠ ᠪᠠᠢᠨᠠᠮ᠂ 
 ᠦᠭᠡ ᠪᠡᠨ ᠶᠡᠭᠦᠯᠡᠭᠡᠳ ᠦᠨᠡᠨᠴᠢ ᠨᠥᠬᠥᠷᠯᠡᠳᠡᠭ 
 ᠥᠭᠭᠢᠶᠡᠮᠦᠷ ᠰᠡᠳᠬᠢᠯᠲᠦ ᠨᠥᠬᠥᠳ ᠮᠢᠨᠢ ᠪᠠᠢᠨᠠᠮ᠃ 

      ᠬᠠᠨ ᠠᠭᠤᠯᠠ ᠴᠡᠩᠬᠡᠷᠯᠡᠨ᠎ᠡ 

 — ᠬᠠᠨ ᠠᠭᠤᠯᠠ ᠰᠤᠮᠤ ᠳ᠋ᠤ᠌ 
 ᠬᠠᠨ ᠠᠭᠤᠯᠠ ᠴᠡᠩᠬᠡᠷᠯᠡᠵᠡᠢ 
 ᠬᠠᠷᠠᠬᠤ ᠳᠣᠳᠣᠮ ᠣᠢᠷᠠᠳᠴᠠᠢ 
 ᠬᠠᠢᠷ᠎ᠠ ᠰᠡᠳᠬᠢᠯ ᠦ᠋ᠨ ᠡᠷᠡᠮᠡᠯᠵᠡᠯ 
 ᠬᠠᠷᠠᠴᠠᠨ ᠤ᠋ ᠡᠮᠦᠨ᠎ᠡ ᠲᠣᠳᠣᠷᠬᠠᠢ 
 ᠬᠠᠨ ᠠᠭᠤᠯᠠ ᠶ᠋ᠢᠨ ᠬᠠᠮᠢᠭ᠎ᠠ ᠴᠤ᠌  
 ᠬᠠᠯᠠᠭᠤᠨ ᠬᠣᠰᠢᠭᠤᠲᠤ ᠶ᠋ᠢᠨ ᠰᠦᠷᠦᠭ 
 ᠬᠠᠷᠠᠬᠤ ᠦᠵᠡᠬᠦ ᠡᠴᠡ ᠢᠯᠡᠭᠦᠦ 
 ᠬᠠᠢᠷᠠᠯᠠᠬᠤ ᠶ᠋ᠢ ᠬᠠᠮᠢᠭ᠎ᠠ ᠠ᠋ᠴᠠ ᠣᠯᠤᠨ᠎ᠠ? 
 ᠬᠠᠨ ᠠᠭᠤᠯᠠ ᠬᠦᠷᠪᠡᠯ 
 ᠬᠠᠳᠠ ᠴᠢᠯᠠᠭᠤ ᠣᠯᠠᠨ ᠲᠠᠢ 
 ᠬᠠᠳᠠ ᠴᠢᠯᠠᠭᠤ ᠶ᠋ᠢᠨ ᠡᠪᠦᠷ ᠲᠤ 
 ᠬᠠᠯᠠᠭᠤᠨ ᠠᠮᠢᠰᠬᠤᠯ ᠤ᠋ᠨ ᠲᠦᠷᠢᠯᠭᠡ 
 ᠮᠠᠯ ᠨᠢ ᠭᠠᠵᠠᠷ ᠲᠠᠭᠠᠨ ᠲᠡᠰᠴᠦ  
 ᠮᠠᠯᠴᠢᠳ ᠨᠤᠲᠤᠭ ᠲᠠᠭᠠᠨ ᠢᠳᠡᠭᠡᠰᠢᠭᠡᠳ 
 ᠮᠠᠯᠵᠢᠬᠤ ᠰᠠᠭᠤᠷᠢᠰᠢᠯ ᠬᠠᠨᠠᠭᠠᠷ 
 ᠮᠠᠨ ᠤ᠋ ᠲᠠᠨᠢᠯ ᠴᠤ᠌ ᠲᠡᠨᠢᠭᠡᠷ  

    ᠮᠠᠯᠴᠢᠨ ᠤ᠋ ᠬᠥᠰᠢᠶ᠎ᠡ 

 ᠬᠣᠯᠠ ᠠ᠋ᠴᠠ ᠠᠵᠢᠪᠠᠯ ᠴᠠᠬᠤᠯᠠᠢ ᠪᠣᠰᠬᠤ ᠰᠢᠭ᠋ 
 ᠬᠣᠷᠮᠣᠢ ᠳ᠋ᠤᠨᠢ ᠬᠦᠷᠪᠡᠯ ᠬᠤᠨ ᠪᠠᠭᠤᠬᠤ ᠰᠢᠭ᠋ 
 ᠬᠠᠨ ᠠᠭᠤᠯᠠ ᠰᠤᠮᠤ ᠶ᠋ᠢᠨ ᠵᠠᠬ᠎ᠠ ᠭᠠᠷᠤᠮᠠᠭᠴᠠ 
 ᠬᠠᠵᠠᠭᠤ ᠳ᠋ᠤ᠌ ᠮᠡᠨᠳᠦᠯᠡᠬᠦ ᠬᠥᠰᠢᠶ᠎ᠡ ᠰᠡᠬᠦᠢᠨ᠎ᠡ᠂ 
 ᠲᠠᠯ᠎ᠠ ᠳ᠋ᠤ᠌ ᠪᠣᠰᠤᠭᠰᠠᠨ ᠬᠥᠰᠢᠶ᠎ᠡ ᠶᠡᠷᠦ 
 ᠲᠠᠭᠠᠷᠠᠯᠳᠤᠵᠤ ᠨᠠᠳᠠ ᠤᠴᠠᠷᠠᠭᠰᠠᠨ ᠦᠭᠡᠢ ᠶᠦᠮ ᠤᠤ 
 ᠲᠠᠨᠢᠯᠴᠠᠵᠤ ᠵᠣᠭᠣᠭᠳᠠᠬᠤ ᠦᠭᠡ ᠶ᠋ᠢᠨ ᠰᠡᠵᠢᠭᠦᠷ ᠡᠴᠡ 
 ᠲᠠᠨ ᠢ᠋ᠶ᠋ᠠᠨ ᠬᠦᠨᠳᠦᠯᠡᠬᠦ ᠰᠡᠳᠬᠢᠯᠭᠡ ᠲᠥᠷᠥᠯ᠎ᠡ᠂ 
 ᠭᠠᠮᠰᠢᠭ ᠵᠤᠳ ᠲᠤ ᠮᠠᠯᠴᠢᠳ ᠬᠠᠷᠢᠨ 
 ᠭᠠᠷ ᠢ᠋ᠶ᠋ᠠᠨ ᠬᠠᠨᠴᠤᠢᠯᠠᠵᠤ ᠵᠦᠭᠡᠷ ᠰᠠᠭᠤᠳᠠᠭ ᠦᠭᠡᠢ 
 ᠭᠠᠢ ᠲᠠᠢ ᠲᠡᠷᠡ ᠴᠠᠰᠤ ᠰᠢᠭᠤᠷᠭᠠᠨ ᠳ᠋ᠤ᠌ 
 ᠭᠠᠷᠳᠠᠵᠤ ᠥᠰᠬᠡᠭᠰᠡᠨ ᠮᠠᠯ ᠢ᠋ᠶ᠋ᠠᠨ ᠬᠠᠮᠠᠭᠠᠯᠠᠭᠰᠠᠭᠠᠷ 
 ᠲᠦᠮᠡ ᠣᠯᠠᠨ ᠤ᠋ ᠬᠠᠷᠠᠬᠤ ᠪᠠᠷ᠎ᠠ ᠳ᠋ᠤ᠌ 
 ᠲᠥᠯ ᠮᠠᠯ ᠤ᠋ᠨ ᠱᠠᠭᠢᠬᠤ ᠭᠠᠵᠠᠷ 
 ᠲᠥᠷᠥᠯᠬᠢ ᠨᠤᠲᠤᠭ ᠤ᠋ᠨ ᠬᠥᠷᠥᠰᠥᠨ ᠳᠣᠣᠷ᠎ᠠ 
 ᠲᠦᠪᠰᠢᠨ ᠨᠣᠢᠷᠰᠤᠵᠤ ᠬᠥᠰᠢᠶ᠎ᠡ ᠰᠦᠨᠳᠡᠷᠯᠡᠭᠰᠡᠨ ᠢ᠋ 
 ᠪᠣᠳᠣᠬᠤ ᠪᠦᠷᠢ ᠰᠠᠨᠠᠬᠤ ᠳᠣᠳᠣᠮ 
 ᠪᠣᠳᠣᠯᠭ᠎ᠠ ᠥᠭᠴᠦ ᠬᠦᠦᠷᠨᠢᠨ ᠰᠢᠪᠡᠨᠡᠨ᠎ᠡ᠃ 
 ᠪᠣᠷᠣᠭᠵᠢᠭᠤᠨ ᠮᠠᠯᠴᠢᠨ ᠤ᠋ ᠪᠠᠭᠠᠲᠤᠷᠯᠢᠭ ᠳᠦᠷᠢ 
 ᠪᠥᠷᠲᠥᠢᠨ ᠪᠥᠷᠲᠥᠢᠨ ᠢᠯᠡᠷᠡᠵᠦ ᠦᠵᠡᠭᠳᠡᠨ᠎ᠡ᠃ 
 ᠮᠠᠯ ᠮᠠᠯᠴᠢᠨ ᠠᠮᠢ ᠨᠢᠭᠡᠲᠡᠢ 
 ᠮᠠᠬᠠᠷᠠᠵᠤ ᠵᠢᠳᠬᠦᠳᠡᠭ ᠤᠳᠤᠮ ᠤ᠋ᠨ ᠵᠠᠶᠠᠭ᠎ᠠ 
 ᠮᠠᠯᠴᠢᠨ ᠦᠷ᠎ᠡ ᠶ᠋ᠢᠨ ᠨᠢᠭᠡ ᠨᠢ ᠪᠢ 
 ᠮᠠᠷᠲᠠᠬᠤ ᠦᠭᠡᠢ ᠴᠡᠭᠡᠵᠢᠯᠡᠵᠦ ᠶᠠᠪᠤᠶ᠎ᠠ!    

        ᠬᠡᠷᠦᠯᠦᠨ ᠭᠣᠣᠯ   ᠮᠡᠯᠲᠡᠯᠵᠡᠨ᠎ᠡ 

 ᠬᠡᠨᠲᠡᠢ ᠡᠴᠡ ᠮᠣᠷᠳᠠᠵᠤ ᠴᠣᠭᠭᠢᠭᠤᠯᠤᠭᠰᠠᠨ 
 ᠬᠥᠮᠦᠨ ᠦ᠌ ᠦᠷ᠎ᠡ ᠶ᠋ᠢᠨ ᠵᠠᠶᠠᠭ᠎ᠠ ᠪᠢᠯᠢᠤ?    
 ᠬᠥᠯᠥᠨ ᠡᠬᠡ ᠳ᠋ᠡᠭᠡᠨ ᠵᠣᠯᠭᠠᠭᠰᠠᠨ  
 ᠬᠦᠰᠡᠯ ᠮᠥᠷᠥᠭᠡᠳᠦᠯ ᠦ᠋ᠨ ᠲᠠᠪᠢᠯᠠᠩ ᠴᠤ᠌  ᠶᠤᠮ ᠤᠤ? 
 ᠬᠡᠷᠦᠯᠦᠨ ᠭᠣᠣᠯ ᠤᠷᠤᠰᠤᠨ᠎ᠠ 
 ᠬᠡ ᠲᠡᠢ ᠬᠠᠳᠠᠭ ᠪᠣᠳᠣᠭᠳᠠᠨ᠎ᠠ᠂ 
 ᠬᠡᠵᠢᠶᠡᠨᠡᠢ ᠳᠣᠮᠣᠭ ᠤ᠋ᠨ ᠤᠯᠠᠭ᠎ᠠ 
 ᠬᠡᠨ ᠡᠴᠡ ᠴᠤ᠌ ᠶᠠᠭᠠᠷᠠᠤ ᠲᠡᠮᠡᠦᠯᠦᠨ᠎ᠡ᠃ 
 《 ᠠᠷᠳᠠᠭ ᠬᠦᠷᠡᠩ》 ᠦ᠋ᠨ ᠶᠦᠷᠭᠡᠭᠡᠨ 
 ᠠᠯᠳᠠᠷᠠᠵᠤ ᠴᠤᠴᠠᠭᠰᠠᠨ ᠰᠢᠨᠵᠢ ᠦᠭᠡᠢ᠂ 
 ᠠᠵᠢᠨᠠᠢ ᠬᠦᠯᠦᠭ ᠦ᠋ᠨ《 ᠳᠥᠷᠥᠭᠡ》 ᠶ᠋ᠢᠨ 
 ᠰᠠᠨᠵᠢ ᠨᠢ ᠳᠥᠯᠥᠷᠡᠬᠦ ᠶᠠᠩᠵᠤ ᠦᠭᠡᠢ᠃ 
 ᠬᠡᠷᠦᠯᠦᠨ ᠭᠣᠣᠯ ᠮᠡᠯᠲᠡᠯᠵᠡᠨ᠎ᠡ 
 ᠰᠠᠨᠠᠭ᠎ᠠ ᠨᠢᠭᠡ ᠯᠡ ᠤᠶᠠᠩᠭᠠᠷᠠᠨ᠎ᠠ᠂ 
 ᠬᠡᠪᠯᠡᠭᠡ ᠦᠭᠡᠢ ᠰᠤᠳᠤᠷ ᠲᠤ
 ᠰᠡᠳᠬᠢᠯ ᠳᠡᠭᠳᠡᠨ ᠬᠥᠪᠦᠯᠵᠡᠨ᠎ᠡ᠃   

      ᠠᠯᠲᠠᠨ ᠡᠮᠡᠭᠡᠯ 

 ᠮᠥᠩᠭᠥᠨ ᠬᠡᠷᠦᠯᠦᠨ ᠦ᠌ ᠬᠥᠪᠡᠭᠡ ᠰᠠᠬᠢᠭᠰᠠᠨ ᠲᠠᠭᠲᠠᠭ᠎ᠠ 
 ᠮᠥᠩᠬᠡ ᠲᠩᠷᠢ ᠶ᠋ᠢᠨ ᠬᠣᠷᠮᠣᠢ ᠰᠢᠭᠦᠷᠦᠭᠰᠡᠨ ᠪᠦᠷᠭᠦᠳ 
 ᠪᠠᠷᠭᠤ ᠮᠣᠩᠭᠣᠯ ᠤ᠋ᠨ ᠠᠯᠳᠠᠷ ᠰᠢᠩᠭᠡᠭᠰᠡᠨ ᠨᠡᠷ᠎ᠡ 
 ᠪᠠᠶᠠᠨ ᠨᠤᠲᠤᠭ ᠤ᠋ᠨ ᠭᠣᠯᠣᠮᠲᠠ ᠳᠡᠷᠡᠯᠡᠭᠰᠡᠨ ᠰᠦᠯᠳᠡ᠃ 

  ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ 》ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
           ᠦᠰᠦᠭ ᠠᠮᠢᠯᠠᠭᠤᠯᠤᠭᠴᠢ᠄   ᠪᠠᠶᠠᠷᠴᠡᠴᠡᠭ   
              2024 04 03