ᠥᠪᠡᠷ ᠥᠭᠡᠳᠡ ᠪᠡᠨ ᠡᠷᠭᠢᠭᠰᠡᠨ ᠨᠡᠭᠦᠳᠡᠯ- ᠱ ᠂ ᠭᠦᠷᠦᠪᠠᠽᠠᠷӨөр өөдөө эргэсэн нүүдэл-Ш᠂ Гүрбазар
ᠥᠪᠡᠷ ᠥᠭᠡᠳᠡ ᠪᠡᠨ ᠡᠷᠭᠢᠭᠰᠡᠨ ᠨᠡᠭᠦᠳᠡᠯ
— ᠱ ᠂ ᠭᠦᠷᠦᠪᠠᠽᠠᠷ
ᠪᠢ ᠶᠠᠮᠠᠷ
ᠳᠡᠯᠡᠬᠡᠢ ᠶ᠋ᠢᠨ ᠴᠢᠨᠡᠭᠡ ᠪᠣᠳᠣᠯ᠎ᠠ ᠭᠡᠳ
ᠭᠠᠵᠠᠷ ᠤ᠋ᠨ ᠳᠠᠢᠲᠠᠢ ᠨᠠᠰᠤᠯᠠᠬᠤ ᠴᠤ᠌ ᠪᠢᠰᠢ ᠳᠡ
ᠪᠢ ᠶᠠᠮᠠᠷ
ᠳᠡᠪᠡᠯ ᠲᠡᠢ ᠴᠠᠬᠢᠭᠤᠷ ᠰᠢᠭ᠋ ᠶᠠᠪᠤᠯ᠎ᠠ ᠭᠡᠳ
ᠭᠠᠯ ᠤ᠋ᠨ ᠬᠢᠷᠢᠲᠡᠢ ᠳᠦᠷᠡᠯᠵᠡᠬᠦ ᠴᠤ᠌ ᠪᠢᠰᠢ ᠳᠡ
ᠪᠢ ᠶᠠᠮᠠᠷ
ᠡᠨᠡᠷᠢᠯᠡ ᠡᠨᠡᠷᠢᠯᠡ ᠭᠡᠳ
ᠡᠨᠡ ᠣᠷᠴᠢᠯᠠᠩ ᠢ᠋ ᠤᠶᠠᠬᠠᠨ ᠪᠣᠯᠭᠠᠬᠤ ᠪᠢᠰᠢ ᠳᠡ
ᠪᠢ ᠶᠠᠮᠠᠷ
ᠡᠷᠭᠢᠯ᠎ᠡ ᠡᠷᠭᠢᠯ᠎ᠡ ᠭᠡᠳ
ᠡᠵᠢ ᠡᠴᠡ ᠪᠡᠨ ᠳᠠᠬᠢᠭᠠᠳ ᠲᠥᠷᠥᠬᠦ ᠴᠤ᠌ ᠪᠢᠰᠢ ᠳᠡ
ᠪᠢ ᠶᠠᠮᠠᠷ
ᠦᠨᠡᠨ ᠬᠤᠳᠠᠯ ᠤ᠋ᠨ ᠠᠷᠤ ᠳ᠋ᠤ᠌
ᠰᠡᠭᠦᠯᠴᠢ ᠶ᠋ᠢᠨ ᠴᠠᠭ ᠢ᠋ ᠨᠢ ᠬᠠᠳᠬᠤᠬᠤ ᠴᠤ᠌ ᠪᠢᠰᠢ ᠳᠡ
ᠪᠢ ᠶᠠᠮᠠᠷ
ᠡᠭᠦᠯᠡ ᠲᠡᠢ ᠨᠠᠷᠠ ᠲᠠᠢ ᠬᠣᠷᠸ᠎ᠠ ᠳ᠋ᠤ᠌
ᠰᠡᠭᠦᠳᠡᠷ ᠢ᠋ᠶ᠋ᠡᠨ ᠠᠲᠠᠯᠠᠵᠤ ᠴᠢᠳᠠᠬᠤ ᠴᠤ᠌ ᠪᠢᠰᠢ ᠳᠡ
ᠠᠭᠲᠠ ᠶ᠋ᠢᠨ ᠮᠥᠷ ᠲᠡᠢ ᠮᠣᠩᠭᠣᠯ ᠳ᠋ᠠᠭᠠᠨ
ᠠᠮᠠᠭᠠᠢ ᠶ᠋ᠢᠨ ᠴᠢᠮᠡᠭᠡ ᠰᠢᠭ ᠶᠠᠪᠤᠵᠤ
ᠠᠮᠢᠳᠤᠷᠠᠬᠤ ᠶ᠋ᠢᠨ ᠬᠦᠰᠡᠯᠡᠩ ᠲᠡᠢ ᠬᠣᠷᠸ᠎ᠠ ᠳ᠋ᠤᠨᠢ
ᠠᠮᠢᠰᠬᠤᠯᠯᠠᠬᠤ ᠶ᠋ᠢᠨ ᠵᠠᠪᠠᠭ ᠲᠤ᠌ ᠴᠤ᠌ ᠮᠣᠩᠭᠣᠯ ᠢ᠋ᠶ᠋ᠠᠷ ᠢ᠋ᠶ᠋ᠠᠨ ᠭᠡᠳᠡᠭ ᠢ᠋ᠶ᠋ᠡᠷ ᠢ᠋ᠶ᠋ᠡᠨ ᠯᠡ
ᠠᠮᠢᠳᠤᠷᠠᠬᠤ ᠶ᠋ᠢᠨ ᠳᠠᠢᠲᠠᠢ ᠣᠮᠣᠭᠰᠢᠶᠠ᠂ ᠪᠠᠢᠵᠠ!
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠸ᠎ᠠ
2024 . 4 .1
