ᠲᠤᠱᠠᠮᠠᠨ ᠵᠢᠮᠢᠰТушман жимс

ᠲᠤᠱᠠᠮᠠᠨ ᠵᠢᠮᠢᠰ
ᠲᠤᠱᠠᠮᠠᠨ ᠵᠢᠮᠢᠰ ᠦ᠋ᠨ ᠢᠵᠠᠭᠤᠷ
ᠪᠤᠲᠠ ᠮᠣᠳᠣ ᠪᠤᠶᠤ ᠪᠠᠭᠠᠪᠲᠤᠷ ᠲᠤᠷᠤᠭ ᠮᠣᠳᠣ᠂ ᠰᠢᠯᠤᠭᠤᠨ ᠤᠷᠭᠤᠬᠤ ᠪᠥᠭᠡᠳ ᠣᠯᠠᠨ ᠰᠠᠯᠠᠭ᠎ᠠ ᠲᠠᠢ᠂ ᠠᠭᠠᠷ ᠲᠠᠬᠢ ᠲᠤᠯᠭᠠᠭᠤᠷᠢ ᠦᠨᠳᠦᠰᠦ ᠲᠡᠢ᠃ ᠨᠠᠪᠴᠢ ᠨᠢ ᠮᠥᠴᠢᠷ ᠦ᠋ᠨ ᠣᠷᠣᠢ ᠳ᠋ᠤ᠌ ᠪᠠᠭᠯᠠᠷᠠᠨ ᠤᠷᠭᠤᠨ᠎ᠠ᠂ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂1.5m ᠤᠷᠲᠤ᠂2—3cm ᠥᠷᠭᠡᠨ᠂ ᠬᠥᠪᠡᠭᠡ ᠪᠠ ᠠᠷᠤ ᠶ᠋ᠢᠨ ᠭᠣᠣᠯ ᠰᠤᠳᠠᠯ ᠳ᠋ᠤᠨᠢ ᠦᠵᠦᠭᠦᠷ ᠲᠡᠢᠰᠢ ᠬᠠᠨᠳᠤᠵᠤ ᠤᠷᠭᠤᠭᠰᠠᠨ ᠥᠷᠭᠡᠰᠦ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠂ ᠮᠥᠴᠢᠷ ᠦ᠋ᠨ ᠣᠷᠣᠢ ᠳ᠋ᠤ᠌ ᠴᠤᠭᠯᠠᠷᠠᠭᠠᠳ ᠨᠠᠪᠴᠢᠨ ᠬᠡᠯᠪᠡᠷᠢᠲᠦ ᠲᠦᠷᠦᠭᠦᠪᠴᠢ ᠲᠡᠢ ᠮᠢᠬᠠᠯᠢᠭ ᠲᠦᠷᠦᠭᠦᠦ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠴᠡᠴᠡᠭ ᠦ᠋ᠨ ᠰᠢᠳᠠᠷ ᠦᠭᠡᠢ᠃ ᠡᠷ᠎ᠡ ᠪᠠᠭ ᠴᠡᠴᠡᠭ ᠨᠢ ᠪᠠᠷᠤᠭ50cm ᠤᠷᠲᠤ᠂ ᠠᠩᠬᠢᠯᠤᠮ᠎ᠠ ᠦᠨᠦᠷ ᠲᠡᠢ᠂ ᠴᠠᠭᠠᠪᠲᠤᠷ ᠬᠠᠪᠲᠠᠭᠠᠢ ᠲᠡᠪᠡᠨᠡ ᠬᠡᠯᠪᠡᠷᠢᠲᠦ ᠲᠦᠷᠦᠭᠦᠪᠴᠢ ᠲᠡᠢ᠂ ᠣᠯᠠᠨ ᠡᠷ᠎ᠡ ᠲᠣᠭᠣᠷᠴᠣᠭ ᠲᠠᠢ᠃ ᠳᠣᠬᠢᠭᠤᠷ ᠨᠢ ᠮᠠᠰᠢ ᠤᠷᠲᠤ᠂ ᠳᠣᠣᠷᠠᠲᠤ ᠬᠠᠭᠠᠰ ᠨᠢ ᠨᠡᠢᠯᠡᠩᠭᠢ᠃ ᠲᠣᠭᠣᠰᠣᠪᠴᠢ ᠨᠢ ᠦᠵᠦᠭᠦᠷ ᠲᠡᠭᠡᠨ ᠰᠤᠷ ᠲᠠᠢ᠃ ᠡᠮ᠎ᠡ ᠴᠡᠴᠡᠭ ᠦ᠋ᠨ ᠤᠮᠠᠢ ᠶ᠋ᠢᠨ ᠬᠠᠯᠢᠰᠤ ᠨᠢ ᠪᠠᠭᠯᠠᠷᠠᠨ ᠤᠷᠭᠤᠨ᠎ᠠ᠂ ᠤᠮᠠᠢ ᠨᠢ ᠬᠣᠶᠠᠷ ᠲᠠᠰᠤᠭ ᠲᠠᠢ᠃ ᠨᠡᠢᠯᠡᠮᠡᠯ ᠵᠢᠮᠢᠰ ᠨᠢ ᠵᠤᠤᠪᠠᠩ ᠪᠤᠶᠤ ᠪᠥᠮᠪᠥᠭᠡᠯᠢᠭ ᠵᠤᠤᠪᠠᠩ᠂20cm ᠤᠷᠲᠤ᠂50—70 ᠪᠤᠶᠤ ᠨᠡᠩ ᠠᠷᠪᠢᠨ ᠰᠢᠷᠬᠡᠭ ᠮᠡᠲᠦ ᠨᠠᠷᠢᠨ ᠮᠢᠬᠠᠯᠢᠭ ᠶᠠᠰᠤᠲᠤ ᠵᠢᠮᠢᠰ ᠢ᠋ᠶ᠋ᠡᠷ ᠪᠦᠷᠢᠯᠳᠦᠪᠡ᠃ ᠶᠠᠰᠤᠲᠤ ᠵᠢᠮᠢᠰ ᠨᠢ4—6cm ᠤᠷᠲᠤ᠂ ᠲᠣᠩᠭᠣᠷᠠᠭᠤ ᠱᠣᠷᠣᠯᠵᠢᠨ ᠬᠡᠯᠪᠡᠷᠢ ᠲᠡᠢ᠂ ᠪᠣᠯᠪᠠᠰᠤᠷᠠᠪᠠᠯ ᠰᠢᠷᠠᠪᠲᠤᠷ ᠤᠯᠠᠭᠠᠨ ᠪᠣᠯᠤᠨ᠎ᠠ᠂ ᠪᠠᠬᠠᠨ ᠢᠷᠮᠡᠭ ᠲᠡᠢ
ᠳᠠᠯᠠᠢ ᠶ᠋ᠢᠨ ᠬᠥᠪᠡᠭᠡ ᠪᠡᠷ ᠤᠷᠭᠤᠳᠠᠭ᠃
ᠮᠠᠨ ᠤ᠋ ᠤᠯᠤᠰ ᠤ᠋ᠨ ᠭᠤᠸᠠᠩᠳᠦᠩ᠂ ᠭᠤᠸᠠᠩᠰᠢ ᠵᠡᠷᠭᠡ ᠭᠠᠵᠠᠷ ᠣᠷᠣᠨ ᠢ᠋ᠶ᠋ᠠᠷ ᠤᠷᠭᠤᠳᠠᠭ᠃
ᠨᠠᠪᠴᠢᠨ ᠤ᠋ ᠰᠢᠷᠬᠡᠭ ᠢ᠋ᠶ᠋ᠡᠷ ᠨᠢ ᠲᠣᠣᠷ ᠨᠡᠬᠡᠬᠦ ᠪᠤᠶᠤ ᠳᠡᠭᠡᠰᠦ ᠲᠠᠮᠤᠵᠤ ᠪᠣᠯᠤᠨ᠎ᠠ᠂ ᠪᠠᠰᠠ ᠴᠠᠭᠠᠰᠤ ᠬᠢᠨ᠎ᠡ᠂ ᠲᠤᠯᠭᠠᠭᠤᠷ ᠤᠲᠠᠰᠤᠨ ᠰᠢᠷᠬᠡᠭ ᠢ᠋ᠶ᠋ᠡᠷ ᠨᠢ ᠡᠪᠡᠰᠦᠨ ᠱᠠᠬᠠᠢ ᠬᠦᠷᠦᠨ᠎ᠡ᠃ ᠰᠢᠨ᠎ᠡ ᠰᠣᠷᠭᠣᠭ ᠴᠡᠴᠡᠭ ᠡᠴᠡ ᠨᠢ ᠦᠨᠦᠷᠲᠦ ᠲᠣᠰᠣ ᠠᠪᠤᠨ᠎ᠠ᠃
ᠬᠢᠲᠠᠳ ᠨᠡᠷ᠎ᠡ᠄露兜树
ᠠᠩᠭ᠌ᠯᠢ ᠨᠡᠷ᠎ᠡ᠄pandanus tectorius parkins
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠫᠣ· ᠴᠠᠭᠠᠨ
