ᠪᠠᠷᠭᠤ ᠬᠥᠮᠦᠨ ᠦ ᠵᠢᠪᠬᠤᠯᠠᠩ - ᠴᠣ ᠂ ᠣᠷᠱᠤᠨ Барга хүний жавхлан – Чо ᠂ Оршин
ᠪᠠᠷᠭᠤ ᠬᠥᠮᠦᠨ ᠦ ᠵᠢᠪᠬᠤᠯᠠᠩ
ᠲᠠᠩᠰᠤᠭ ᠨᠤᠲᠤᠭ ᠮᠢᠨᠢ ᠥᠭᠭᠢᠶᠡᠮᠦᠷ ᠪᠣᠯᠬᠣᠷ
ᠲᠠᠯ᠎ᠠ ᠬᠥᠨᠳᠡᠢ ᠳ᠋ᠦ᠍ ᠪᠢᠯᠬᠠᠷᠠᠳᠠᠭ
ᠲᠠᠪᠤᠨ ᠬᠣᠰᠢᠭᠤᠲᠤ ᠮᠢᠨᠢ ᠥᠨᠢᠷ ᠪᠣᠯᠬᠣᠷ
ᠲᠠᠨ ᠤ᠋ ᠮᠠᠨᠠᠢᠬᠢᠨ ᠳ᠋ᠤ᠌ ᠱᠠᠭᠢᠳᠠᠭ
ᠲᠠᠷᠠᠭ ᠠᠢᠷᠠᠭ ᠮᠢᠨᠢ ᠱᠠᠩᠳᠠᠭᠤᠨ ᠪᠣᠯᠬᠣᠷ
ᠤᠤᠭᠤᠭᠰᠠᠨ ᠤᠰᠤ ᠤᠨᠠᠭᠰᠠᠨ ᠰᠢᠷᠣᠢ ᠶ᠋ᠢᠨ
ᠥᠩ ᠨᠢ ᠲᠡᠷᠡ ᠶᠦᠮ᠂
ᠪᠠᠶᠠᠨ ᠲᠡᠨᠢᠭᠦᠨ ᠥᠯᠥᠭᠡᠢ ᠨᠤᠲᠤᠭ ᠤ᠋ᠨ
ᠪᠠᠷᠭᠤ ᠬᠥᠮᠦᠨ ᠦ᠌ ᠵᠢᠪᠬᠤᠯᠠᠩ ᠨᠢ ᠶᠦᠮ᠃
ᠡᠪᠦᠷᠯᠡᠵᠦ ᠬᠠᠳᠠᠭᠠᠯᠠᠭᠰᠠᠨ ᠪᠤᠯᠠᠭᠳᠠᠴᠠ ᠲᠠᠢ
ᠥᠨᠳᠥᠷ ᠰᠠᠷᠢᠳᠠᠭ ᠮᠢᠨᠢ ᠡᠷᠳᠡᠨᠢ ᠪᠣᠯᠬᠣᠷ
ᠡᠪᠦᠯ ᠵᠤᠨ ᠦᠭᠡᠢ ᠬᠠᠯᠢᠷᠠᠳᠠᠭ
ᠥᠭᠡᠬᠦ ᠲᠣᠰᠣ ᠨᠢ ᠬᠠᠯᠭᠢᠭᠤᠨ ᠪᠣᠯᠬᠣᠷ
ᠡᠪᠦᠭᠡᠳ ᠡᠮᠡᠭᠡᠳ ᠦ᠋ᠨ ᠢᠷᠦᠭᠡᠯ ᠲᠡᠢ
ᠥᠨᠢᠷ ᠪᠠᠶᠠᠨ ᠵᠢᠷᠭᠠᠯᠠᠩ ᠪᠣᠯᠬᠣᠷ
ᠤᠤᠭᠤᠭᠰᠠᠨ ᠤᠰᠤ ᠤᠨᠠᠭᠰᠠᠨ ᠰᠢᠷᠣᠢ ᠶ᠋ᠢᠨ
ᠥᠩ ᠨᠢ ᠲᠡᠷᠡ ᠶᠦᠮ᠃
ᠪᠠᠶᠠᠨ ᠲᠡᠨᠢᠭᠦᠨ ᠥᠯᠥᠭᠡᠢ ᠨᠤᠲᠤᠭ ᠤ᠋ᠨ
ᠪᠠᠷᠭᠤ ᠬᠥᠮᠦᠨ ᠦ᠌ ᠵᠢᠪᠬᠤᠯᠠᠩ ᠨᠢ ᠶᠦᠮ᠃
ᠠᠵᠢᠯᠴᠢ ᠬᠥᠳᠡᠯᠮᠦᠷᠢᠴᠢ ᠵᠠᠩ ᠲᠠᠢ
ᠠᠷᠠᠳ ᠪᠦᠬᠦᠨ ᠨᠢ ᠴᠠᠢᠯᠭᠠᠨ ᠪᠣᠯᠬᠣᠷ
ᠠᠰᠪᠤᠷ ᠵᠣᠴᠢᠨᠰᠠᠭ ᠠᠭᠠᠯᠢ ᠲᠠᠢ
ᠠᠢᠯ ᠪᠦᠬᠦᠨ ᠨᠢ ᠨᠢᠳᠡᠭᠦᠨ ᠪᠣᠯᠬᠣᠷ
ᠠᠰᠬᠠᠷᠠᠭᠠᠳ ᠪᠠᠢᠳᠠᠭ ᠰᠤᠪᠤᠳ
ᠠᠷᠠᠴᠢᠯᠠᠭᠰᠠᠨ ᠮᠠᠯ ᠨᠢ ᠪᠣᠯᠬᠣᠷ
ᠤᠤᠭᠤᠭᠰᠠᠨ ᠤᠰᠤ ᠤᠨᠠᠭᠰᠠᠨ ᠰᠢᠷᠣᠢ ᠶ᠋ᠢᠨ
ᠥᠩ ᠨᠢ ᠲᠡᠷᠡ ᠶᠦᠮ᠃
ᠪᠠᠶᠠᠨ ᠲᠡᠨᠢᠭᠦᠨ ᠥᠯᠥᠭᠡᠢ ᠨᠤᠲᠤᠭ ᠤ᠋ᠨ
ᠪᠠᠷᠭᠤ ᠬᠥᠮᠦᠨ ᠦ᠌ ᠵᠢᠪᠬᠤᠯᠠᠩ ᠨᠢ ᠶᠦᠮ᠃
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ 》ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 02
