ᠬᠣᠨᠢᠨ ᠵᠡᠭᠡᠰᠦХонин зэгс

ᠬᠣᠨᠢᠨ ᠵᠡᠭᠡᠰᠦ
ᠵᠡᠭᠡᠰᠦ ᠶ᠋ᠢᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠦᠨᠳᠦᠰᠦᠯᠢᠭ ᠡᠰᠢ ᠲᠡᠢ᠃ ᠡᠰᠢ ᠨᠢ ᠨᠡᠯᠢᠶᠡᠳ ᠨᠠᠷᠢᠨ᠂ 30—70cm ᠥᠨᠳᠥᠷ᠂ ᠰᠢᠯᠤᠭᠤᠨ ᠤᠷᠭᠤᠨ᠎ᠠ᠃ ᠨᠠᠪᠴᠢ ᠨᠢ ᠴᠤᠪᠤᠷᠠᠨ ᠤᠷᠭᠤᠨ᠎ᠠ᠃ ᠨᠠᠪᠴᠢᠨ ᠤ᠋ ᠲᠣᠭᠳᠣᠢ ᠶ᠋ᠢᠨ ᠶᠡᠬᠡᠩᠬᠢ ᠨᠢ ᠡᠰᠢ ᠪᠡᠨ ᠪᠠᠭᠯᠠᠳᠠᠭ ᠦᠭᠡᠢ᠂ ᠲᠣᠷᠭᠠᠨ ᠬᠠᠯᠢᠰᠤᠯᠢᠭ ᠬᠥᠪᠡᠭᠡ ᠲᠡᠢ᠂ ᠡᠰᠢᠨ ᠦ᠌ ᠤᠭ ᠤ᠋ᠨ ᠬᠡᠰᠡᠭ ᠦ᠋ᠨ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠨᠠᠪᠴᠢ ᠦᠭᠡᠢ ᠪᠤᠶᠤ ᠳᠣᠷᠣᠢᠲᠠᠭᠠᠳ ᠱᠣᠪᠬᠣ ᠥᠷᠭᠡᠰᠦ ᠮᠡᠲᠦ ᠪᠤᠶᠤ ᠬᠠᠢᠷᠰᠤᠨ ᠢᠯᠲᠠᠰᠤ ᠮᠡᠲᠦ ᠪᠠᠢᠳᠠᠭ᠃ ᠨᠠᠪᠴᠢᠨ ᠤ᠋ ᠢᠯᠲᠠᠰᠤ ᠨᠢ ᠪᠦᠰᠡ ᠬᠡᠯᠪᠡᠷᠢ ᠲᠡᠢ᠂ 2—3mm ᠥᠷᠭᠡᠨ᠂ ᠡᠰᠢ ᠲᠡᠢ ᠪᠡᠨ ᠪᠠᠷᠤᠭ ᠢᠵᠢᠯ ᠤᠷᠲᠤ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠪᠥᠭᠡᠷᠡᠩᠬᠡᠢ ᠪᠠᠭᠠᠨ᠎ᠠ ᠰᠢᠭ᠋ ᠲᠦᠷᠦᠭᠦᠦ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠡᠷ᠎ᠡ ᠪᠠᠭ ᠴᠡᠴᠡᠭ ᠨᠢ ᠳᠡᠭᠡᠳᠦ ᠬᠡᠰᠡᠭ ᠲᠤ ᠤᠷᠭᠤᠵᠤ᠂ ᠡᠮ᠎ᠡ ᠪᠠᠭ ᠴᠡᠴᠡᠭ ᠨᠢ ᠳᠣᠣᠷᠠᠲᠤ ᠬᠡᠰᠡᠭ ᠲᠤ ᠤᠷᠭᠤᠨ᠎ᠠ᠂ ᠬᠣᠭᠣᠷᠣᠨᠳᠣ ᠨᠢ 1—2cm ᠬᠢᠷᠢ ᠵᠠᠢ ᠲᠠᠢ᠃ ᠡᠮ᠎ᠡ ᠪᠠᠭ ᠴᠡᠴᠡᠭ ᠨᠢ 1.5—5cm ᠤᠷᠲᠤ᠂ ᠳ᠋ᠢᠶᠠᠮᠧᠲ᠋ᠷ ᠨᠢ 0.8—1.2cm᠃ ᠡᠮ᠎ᠡ ᠴᠡᠴᠡᠭ ᠦ᠋ᠨ ᠤᠮᠠᠢ ᠨᠢ ᠤᠷᠲᠤᠯᠵᠢᠨ ᠪᠥᠭᠡᠷᠡᠩᠬᠡᠢ᠂ ᠤᠷᠲᠤ ᠴᠠᠭᠠᠨ ᠦᠰᠦᠲᠦ ᠨᠠᠷᠢᠨ ᠤᠷᠲᠤ ᠪᠠᠷᠢᠭᠤᠯ ᠲᠠᠢ᠂ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠬᠠᠪᠲᠠᠭᠠᠢ ᠲᠡᠪᠡᠨᠡ ᠬᠡᠯᠪᠡᠷᠢ ᠲᠡᠢ ᠪᠥᠭᠡᠳ ᠴᠠᠭᠠᠨ ᠦᠰᠦ ᠡᠴᠡ ᠪᠡᠨ ᠪᠠᠬᠠᠨ ᠤᠷᠲᠤ᠃ ᠵᠢᠵᠢᠭ ᠪᠠᠭᠯᠠᠭᠴᠢ ᠨᠢ ᠨᠢᠮᠭᠡᠨ᠂ ᠬᠦᠷᠡᠩ᠃ ᠡᠷ᠎ᠡ ᠪᠠᠭ ᠴᠡᠴᠡᠭ ᠨᠢ4—6cm ᠤᠷᠲᠤ᠃ ᠡᠷ᠎ᠡ ᠴᠡᠴᠡᠭ ᠨᠢ ᠨᠢᠭᠡ ᠯᠡ ᠡᠷ᠎ᠡ ᠲᠣᠭᠣᠷᠴᠣᠭ ᠲᠠᠢ᠂ ᠤᠭ ᠲᠤᠨᠢ ᠦᠰᠦ ᠦᠭᠡᠢ᠃ ᠵᠢᠵᠢᠭ ᠬᠠᠲᠠᠭᠤ ᠵᠢᠮᠢᠰ ᠨᠢ ᠮᠥᠩᠬᠡ ᠣᠷᠣᠰᠢᠬᠤ ᠴᠡᠴᠡᠭ ᠦ᠋ᠨ ᠪᠠᠭᠠᠨ᠎ᠠ ᠲᠠᠢ᠃
ᠭᠣᠣᠯ ᠮᠥᠷᠡᠨ ᠦ᠌ ᠬᠥᠪᠡᠭᠡ ᠶ᠋ᠢᠨ ᠴᠢᠭᠢᠭᠲᠡᠢ ᠬᠣᠲᠣᠭᠣᠷ ᠭᠠᠵᠠᠷ ᠳᠤ ᠤᠷᠭᠤᠨ᠎ᠠ᠃ ᠬᠤᠵᠢᠷ ᠳᠤ ᠲᠡᠰᠪᠦᠷᠢᠲᠡᠢ᠃
ᠮᠠᠨ ᠤ᠋ ᠤᠯᠤᠰ ᠤ᠋ᠨ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ᠂ ᠵᠡᠭᠦᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
ᠴᠡᠴᠡᠭ ᠦ᠋ᠨ ᠲᠣᠭᠣᠰᠣ ᠨᠢ ᠡᠮ ᠳ᠋ᠦ᠍ ᠣᠷᠣᠨ᠎ᠠ᠃ ᠡᠰᠢ ᠨᠠᠪᠴᠢ ᠶ᠋ᠢ ᠨᠢ ᠴᠢᠬᠢᠷᠰᠦ᠂ ᠡᠪᠡᠰᠦᠨ ᠳᠡᠪᠢᠰᠬᠡᠷ ᠬᠦᠷᠦᠬᠦ ᠳ᠋ᠦ᠍ ᠬᠡᠷᠡᠭᠯᠡᠬᠦ ᠡᠴᠡ ᠭᠠᠳᠠᠨ᠎ᠠ ᠴᠠᠭᠠᠰᠤ ᠬᠢᠳᠡᠭ᠃
ᠬᠢᠲᠠᠳ ᠨᠡᠷ᠎ᠡ᠄小香蒲
ᠠᠩᠭ᠌ᠯᠢ ᠨᠡᠷ᠎ᠡ᠄ Typha minima Funk
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
