᠎ᠪᠤᠷᠬᠠᠨ ᠬᠠᠯᠳᠤᠨ-ᠬᠡᠦᠬᠡᠳ ᠦᠨ ᠳᠠᠭᠤᠤ_Бурхан Халдун_ хүүхдийн дуу ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠎ᠪᠤᠷᠬᠠᠨ ᠬᠠᠯᠳᠤᠨ-ᠬᠡᠦᠬᠡᠳ ᠦᠨ ᠳᠠᠭᠤᠤ_Бурхан Халдун_ хүүхдийн дуу

᠎ᠪᠤᠷᠬᠠᠨ ᠬᠠᠯᠳᠤᠨ-ᠬᠡᠦᠬᠡᠳ ᠦᠨ ᠳᠠᠭᠤᠤ_Бурхан Халдун_ хүүхдийн дуу

2024-04-15

668

ᠪᠤᠷᠬᠠᠨ ᠬᠠᠯᠳᠤᠨ

   ᠬᠡᠦᠬᠡᠳ ᠦᠨ ᠳᠠᠭᠤᠤ 

     ᠳᠠᠭᠤᠨ ᠤ᠋ ᠦᠭᠡ᠄ ᠳ·ᠭᠠᠩᠴᠢᠮᠡᠭ 
     ᠳᠠᠭᠤᠨ ᠤ᠋ ᠠᠶ᠎ᠠ᠄ ᠣ·ᠢᠨᠵᠢᠨᠠᠷᠠᠨ 
     ᠳᠠᠭᠤᠴᠢᠨ᠄ ᠬᠡ·ᠰᠠᠷᠠᠩᠭᠤ᠎ᠠ 

ᠨᠠ ᠨᠠ ᠨᠠ ᠨᠠ ᠨᠠ ᠨᠠ ᠨᠠ ×4 
ᠪᠤᠷᠬᠠᠨ ᠬᠠᠯᠳᠤᠨ ᠠᠭᠤᠯᠠ ᠮᠢᠨᠢ ᠠ᠋ 
ᠪᠤᠭᠤᠷᠤᠯ ᠳᠡᠭᠡᠳᠦᠰ ᠦ᠋ᠨ ᠥᠯᠥᠭᠡᠢ ᠰᠢᠦ ᠳᠡ 
ᠪᠠᠯᠴᠢᠷ ᠦᠷᠡᠰ ᠪᠢᠳᠡᠨ ᠦ᠌ 
ᠪᠠᠬᠠᠷᠬᠠᠯ ᠪᠣᠯᠤᠭᠰᠠᠨ ᠬᠠᠢᠷᠬᠠᠨ 
ᠡᠪᠦᠭᠡᠳ ᠦ᠋ᠨ ᠮᠢᠨᠢ ᠠᠷᠢᠭᠤᠨ ᠰᠢᠲᠦᠭᠡᠨ 
ᠥᠨᠥ ᠶ᠋ᠢᠨ ᠪᠢᠳᠡᠨ ᠦ᠌ 
ᠡᠷᠳᠡᠨᠢ ᠰᠢᠲᠦᠭᠡᠨ 
ᠠᠷᠢᠭᠤᠨ ᠡᠷᠳᠡᠨᠢ 
ᠰᠢᠲᠦᠭᠡᠨ ᠮᠢᠨᠢ 
ᠠᠰᠢᠳᠠ ᠮᠥᠩᠬᠡ ᠶ᠋ᠢᠨ 
ᠰᠢᠲᠦᠭᠡᠨ ᠰᠢᠲᠦᠭᠡᠨ 
ᠨᠠ ᠨᠠ ᠨᠠ ᠨᠠ ᠨᠠ ᠨᠠ ᠨᠠ×4 


ᠡᠪᠦᠭᠡ ᠳᠡᠭᠡᠳᠦᠰ ᠦ᠋ᠨ
ᠥᠯᠥᠭᠡᠢ ᠮᠢᠨᠢ
ᠥᠨᠢᠳᠡ ᠪᠢᠳᠡᠨ ᠦ᠌ ᠰᠢᠲᠦᠭᠡᠨ ᠰᠢᠲᠦᠭᠡᠨ
ᠥᠮᠥᠭ ᠲᠦᠰᠢᠭ ᠪᠤᠷᠬᠠᠨ ᠬᠠᠯᠳᠤᠨ
ᠥᠨᠢ ᠮᠥᠩᠬᠡ ᠶ᠋ᠢᠨ ᠨᠤᠲᠤᠭ ᠮᠢᠨᠢ
ᠡᠪᠦᠭᠡᠳ ᠦ᠋ᠨ ᠮᠢᠨᠢ ᠠᠷᠢᠭᠤᠨ
ᠰᠢᠲᠦᠭᠡᠨ
ᠥᠨᠥ ᠶ᠋ᠢᠨ ᠪᠢᠳᠡᠨ ᠦ᠌ ᠡᠷᠳᠡᠨᠢ ᠰᠢᠲᠦᠭᠡᠨ
ᠠᠷᠢᠭᠤᠨ ᠡᠷᠳᠡᠨᠢ ᠰᠢᠲᠦᠭᠡᠨ ᠮᠢᠨᠢ
ᠠᠰᠢᠳᠠ ᠮᠥᠩᠬᠡ ᠶ᠋ᠢᠨ
ᠰᠢᠲᠦᠭᠡᠨ ᠰᠢᠲᠦᠭᠡᠨ
ᠨᠠ ᠨᠠ ᠨᠠ ᠨᠠ ᠨᠠ ᠨᠠ ᠨᠠⅹ4

ᠪᠥᠷᠲᠡ ᠴᠢᠨᠣ᠎ᠠ᠂ ᠭᠤᠸ᠎ᠠ ᠮᠠᠷᠠᠯ ᠤ᠋ᠨ
ᠭᠣᠯᠣᠮᠳᠠᠨ ᠳ᠋ᠤ᠌
ᠪᠥᠩ ᠪᠥᠩ᠂ ᠪᠠᠪᠠᠤ᠂ ᠭᠦᠦᠭᠡᠢ ᠢᠷᠡᠯ᠎ᠡ
ᠲᠡᠦᠬᠡ ᠳᠣᠮᠣᠭ᠂ ᠶᠣᠰᠣ ᠶ᠋ᠢ ᠮᠡᠳᠡᠯ᠎ᠡ
ᠲᠥᠷᠥ ᠶ᠋ᠢᠨ ᠲᠠᠬᠢᠯᠭᠠᠲᠤ
ᠬᠠᠢᠷᠬᠠᠨ ᠮᠢᠨᠦ
ᠡᠪᠦᠭᠡᠳ ᠦ᠋ᠨ ᠮᠢᠨᠢ ᠠᠷᠢᠭᠤᠨ ᠰᠢᠲᠦᠭᠡᠨ
ᠥᠨᠥ ᠶ᠋ᠢᠨ ᠪᠢᠳᠡᠨ ᠦ᠌ ᠡᠷᠳᠡᠨᠢ ᠰᠢᠲᠦᠭᠡᠨ
ᠠᠷᠢᠭᠤᠨ ᠡᠷᠳᠡᠨᠢ ᠰᠢᠲᠦᠭᠡᠨ ᠮᠢᠨᠢ
ᠠᠰᠢᠳᠠ ᠮᠥᠩᠬᠡ ᠶ᠋ᠢᠨ ᠰᠢᠲᠦᠭᠡᠨ ᠰᠢᠲᠦᠭᠡᠨ
ᠨᠠ ᠨᠠ ᠨᠠ ᠨᠠ ᠨᠠ ᠨᠠ ᠨᠠⅹ4

ᠪᠣᠲᠤᠭᠤᠬᠠᠨ ᠦᠨᠳᠦᠰᠦᠨ ᠦ᠌ ᠲᠥᠰᠦᠯ

《ᠪᠤᠷᠬᠠᠨ ᠬᠠᠯᠳᠤᠨ ᠠᠭᠤᠯᠠᠨ ᠳ᠋ᠤ᠌ ᠠᠶᠠᠯᠠᠭᠰᠠᠨ ᠨᠢ》

ᠪᠣᠲᠤᠭᠤᠬᠠᠨ ᠲᠥᠰᠦᠯ

ᠲᠥᠰᠦᠯ ᠢ᠋ ᠰᠠᠨᠠᠭᠠᠴᠢᠯᠠᠭᠴᠢ᠄
ᠬᠡ· ᠭᠠᠩᠲᠤᠶᠠᠭ᠎ᠠ
ᠭᠦᠢᠴᠡᠳᠬᠡᠬᠦ ᠫᠷᠣᠳᠢᠶᠦ᠋ᠰᠰᠧᠷ᠄
ᠬᠡ· ᠣᠳᠬᠠᠨᠲᠤᠶᠠᠭ᠎ᠠ
ᠵᠣᠬᠢᠶᠠᠯᠴᠢ᠄ ᠫᠠ᠊· ᠵᠣᠯᠵᠢᠷᠭᠠᠯ
ᠨᠠᠢᠷᠠᠭᠤᠯᠤᠭᠴᠢ᠄ ᠮ·ᠣᠨᠳᠣᠷᠤᠮ᠎ᠠ
ᠠᠨᠢᠮᠠᠫᠢᠳ᠄ ᠬᠡ· ᠪᠤᠯᠤᠷᠴᠢᠮᠡᠭ
ᠪᠡ᠊·ᠰᠢᠵᠢᠷᠪᠠᠲᠦ
ᠠᠷᠤ ᠵᠢᠷᠤᠭ᠄ ᠲ· ᠪᠠᠲᠦᠮᠠᠩᠨᠠᠢ
ᠲ· ᠡᠩᠬᠡᠮᠥ᠋ᠩᠬᠡ
ᠰᠯᠠᠸᠶᠠᠨ ᠦᠷ᠂ ᠣᠩᠭᠣ᠄
ᠲ· ᠪᠤᠯᠭᠠᠨᠳᠡᠯᠭᠡᠷ
ᠲ· ᠪᠲᠦᠮᠠᠩᠨᠠᠢ
ᠬᠡ· ᠪᠤᠯᠤᠷᠴᠢᠮᠡᠭ
ᠪᠡ᠊· ᠰᠢᠵᠢᠷᠪᠠᠲᠦ
ᠡᠪᠯᠡᠭᠦᠯᠦᠭᠴᠢ ᠡᠸᠹᠹᠺᠲ᠄
ᠲ· ᠪᠠᠲᠦᠮᠠᠩᠨᠠᠢ
ᠡᠪᠯᠡᠭᠦᠯᠦᠭᠴᠢ᠄
ᠯ· ᠭᠣᠩᠴᠣᠭᠰᠤᠮᠯ᠎ᠠ
ᠭᠷᠠᠹᠢᠺ᠄ ᠯ· ᠨᠠᠨᠳᠢᠨᠴᠢᠮᠡᠭ
ᠮᠠᠷᠺᠳᠢᠩ ᠤ᠋ᠨ ᠠᠯᠪᠠ᠄
ᠰ· ᠣᠳᠤᠪᠠᠶᠠᠷ
ᠨ· ᠮᠠᠷᠠᠯᠭᠤᠤ᠎ᠠ
ᠪᠡ᠊· ᠳᠥᠯᠭᠡᠨ
ᠮᠡᠳᠡᠭᠡᠨ ᠦ᠌ ᠠᠯᠪᠠ᠄
ᠴ· ᠮᠥᠩᠬᠡᠵᠢᠩ
ᠪᠣᠷᠣᠯᠠᠭᠤᠯᠤᠯᠲᠠ ᠶ᠋ᠢᠨ ᠠᠯᠪᠠ᠄
ᠬᠡ· ᠣᠳᠤᠨᠲᠤᠶᠠᠭ᠎ᠠ
ᠰᠠᠩᠬᠦᠦ ᠶ᠋ᠢᠨ ᠠᠯᠪᠠ᠄
ᠵ· ᠪᠠᠲᠦᠵᠢᠶᠠᠭ᠎ᠠ ᠵᠥᠪᠯᠡᠬᠦ᠄ ᠪᠤᠷᠠᠬᠠ ᠬᠠᠯᠳᠤᠨ ᠠᠭᠤᠯᠠ ᠲ᠂ ᠭ· ᠲ᠂ ᠬᠡ᠂ ᠨ·
ᠭ ᠦ᠋ᠨ ᠵᠠᠬᠢᠷᠭ᠎ᠠ ᠶ᠋ᠢᠨ ᠳᠠᠷᠤᠭ᠎ᠠ᠄
ᠬᠡ· ᠴᠢᠩᠪᠤᠯᠤᠷ
ᠳᠤᠷᠠᠰᠬᠠᠯᠲᠤ ᠭᠠᠵᠠᠷ ᠤ᠋ᠨ ᠰᠤᠳᠤᠯᠭ᠎ᠠ᠂ ᠰᠤᠷᠲᠠᠯᠴᠢᠯᠠᠭ᠎ᠠ ᠬᠠᠷᠢᠭᠤᠴᠠᠭᠰᠠᠨ ᠮᠡᠷᠭᠡᠵᠢᠯᠲᠡᠨ᠄
ᠠ· ᠳᠦᠭᠦᠷᠡᠩᠵᠢᠷᠭᠠᠯ

     ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠳ᠋ᠠᠰᠢᠨᠢᠮ᠎ᠠ
     ᠬᠢᠨᠠᠭᠴᠢ᠄ ᠳᠠᠪᠢᠰᠢᠯᠲᠦ