ᠠᠷᠪᠠᠨ ᠬᠣᠶᠠᠷ ᠤᠳᠤᠨ ᠡᠵᠡᠯᠡᠭᠰᠡᠨ ᠡᠳᠦᠷ ᠵᠢᠴᠢ ᠲᠡᠭᠦᠨ ᠦ ᠲᠠᠢᠯᠪᠤᠷᠢᠯᠠᠯ Арван хоёр одон эзэлсэн өдөр жич түүний тайлбарлал
ᠠᠷᠪᠠᠨ ᠬᠣᠶᠠᠷ ᠣᠳᠣᠨ ᠡᠵᠡᠯᠡᠭᠰᠡᠨ ᠡᠳᠦᠷ ᠵᠢᠴᠢ ᠲᠡᠭᠦᠨ ᠤ ᠲᠠᠢᠯᠪᠤᠷᠢᠯᠠᠯ ᠴᠠᠭᠠᠨ ᠰᠠᠷ᠎ᠠ ᠶ᠋ᠢᠨ ᠨᠡᠭᠡᠭᠡᠭᠴᠢ ᠣᠳᠣᠨ ᠳ᠋ᠤ᠌ ᠬᠤᠯᠤᠭᠠᠨ᠎ᠠ ᠡᠳᠦᠷ ᠢ ᠲᠣᠬᠢᠷᠠᠭᠤᠯᠬᠤ᠂ ᠬᠣᠶᠠᠷ ᠰᠠᠷ᠎ᠠ ᠶ᠋ᠢᠨ ᠦᠬᠡᠷ ᠡᠳᠦᠷ ᠨᠡᠭᠡᠭᠡᠭᠴᠢ᠂ ᠭᠤᠷᠪᠠᠨ ᠰᠠᠷ᠎ᠠ ᠶ᠋ᠢᠨ ᠪᠠᠷᠰ᠂ ᠳᠥᠷᠪᠡᠨ ᠰᠠᠷ᠎ᠠ ᠶ᠋ᠢᠨ ᠲᠠᠤᠯᠠᠢ ᠡᠳᠦᠷ ᠨᠡᠭᠡᠭᠡᠭᠴᠢ ᠁ ᠭᠡᠵᠦ ᠳᠣᠷᠣᠭᠰᠢ ᠰᠠᠷ᠎ᠠ ᠪᠦᠷᠢ ᠨᠢᠭᠡᠨ ᠢ ᠲᠣᠬᠢᠷᠠᠭᠤᠯᠤᠨ ᠪᠣᠳᠣᠬᠤ ᠪᠥᠭᠡᠳ ᠨᠡᠭᠡᠭᠡᠭᠴᠢ᠂ ᠬᠠᠭᠠᠭᠴᠢ᠂ ᠡᠵᠡᠯᠡᠭᠴᠢ᠂ ᠠᠷᠢᠯᠭᠠᠭᠴᠢ᠂ ᠲᠦᠭᠦᠷᠡᠭᠴᠢ᠂ ᠲᠣᠭᠲᠠᠭᠠᠭᠴᠢ ᠰᠠᠬᠢᠭᠴᠢ᠂ ᠡᠪᠳᠡᠭᠴᠢ᠂ ᠲᠦᠭᠰᠢᠭᠴᠢ᠂ ᠪᠦᠲᠦᠭᠡᠭᠴᠢ᠂ ᠬᠤᠷᠢᠶᠠᠭᠴᠢ ᠭᠡᠵᠦ ᠨᠢᠭᠡᠨ ᠤᠳᠠᠭ᠎ᠠ ᠡᠭᠡᠯᠵᠢᠯᠡᠭᠡᠳ ᠳᠠᠬᠢᠨ ᠨᠡᠭᠡᠭᠡᠭᠴᠢ᠂ ᠬᠠᠭᠠᠭᠴᠢ ᠭᠡᠮᠡᠨ ᠦᠶᠡᠯᠡᠬᠦ ᠴᠢᠨᠠᠷᠲᠠᠢ ᠳᠠᠪᠲᠠᠵᠤ ᠦᠷᠭᠦᠯᠵᠢᠯᠡᠨ ᠲᠣᠭᠠᠯᠠᠪᠠᠯ ᠠᠯᠢ ᠣᠳᠣᠨ ᠡᠵᠡᠯᠡᠭᠰᠡᠨ ᠡᠳᠦᠷ ᠢ ᠬᠢᠯᠪᠠᠷᠬᠠᠨ ᠡᠷᠢᠵᠦ ᠣᠯᠳᠠᠭ᠃
1 ᠨᠡᠭᠡᠭᠡᠭᠴᠢ ᠡᠳᠦᠷ : ᠡᠨᠡ ᠡᠳᠦᠷ ᠠᠮᠢᠨ ᠵᠣᠯᠢᠶ᠎ᠠ ᠰᠠᠬᠢᠭᠤᠯᠰᠤᠨ ᠦᠢᠯᠡᠳᠪᠡᠯ᠂ ᠲᠡᠭᠷᠢ ᠳᠠᠬᠢᠪᠠᠯ᠂ ᠳᠠᠭᠤᠳᠠᠯᠭ᠎ᠠ ᠪᠢᠴᠢᠭ ᠪᠠᠷᠢᠪᠠᠯ ᠪᠢᠴᠢᠭ ᠲᠦ᠍ ᠣᠷᠣᠪᠠᠯ᠂ ᠳᠡᠪᠡᠯ ᠡᠰᠬᠡᠪᠡᠯ᠂ ᠥᠬᠢᠨ ᠪᠣᠭᠲᠣᠯᠠᠪᠠᠯ᠂ ᠠᠳᠤᠭᠤᠨ ᠰᠠᠯᠭᠠᠪᠠᠯ᠂ ᠭᠡᠷ ᠵᠠᠰᠠᠪᠠᠯ᠂ ᠬᠤᠳᠳᠤᠭ ᠡᠷᠦᠪᠡᠯ᠂ ᠣᠬᠣᠷ ᠬᠡᠷᠡᠮ ᠪᠠᠢᠭᠤᠯᠪᠠᠯ᠂ ᠬᠤᠳᠠᠯᠳᠤᠭ᠎ᠠ ᠬᠢᠪᠡᠯ ᠲᠠᠷᠢᠶ᠎ᠠ ᠲᠠᠷᠢᠪᠠᠯ᠂ ᠮᠥᠷ ᠭᠠᠷᠭᠠᠪᠠᠯ᠂ ᠰᠠᠩ ᠨᠡᠭᠡᠭᠡᠪᠡᠯ ᠨᠣᠶᠠᠳ ᠲᠤ᠌ ᠵᠣᠯᠭᠠᠪᠠᠯ᠂ ᠰᠢᠨ᠎ᠡ ᠭᠡᠷ ᠲᠦ᠍ ᠣᠷᠣᠪᠠᠯ᠂ ᠡᠮ ᠤᠤᠭᠤᠪᠠᠯ᠂ ᠭᠠᠵᠠᠷ ᠬᠥᠨᠳᠡᠪᠡᠯ ᠪᠦᠷ ᠰᠠᠢᠨ᠃ ᠬᠤᠳᠠᠯᠳᠤᠭ᠎ᠠ ᠬᠢᠬᠦ ᠳ᠋ᠦ᠍ ᠰᠠᠷ᠎ᠠ ᠶ᠋ᠢᠨ ᠡᠬᠢᠨ᠎ᠡ ᠪᠠᠬᠠᠨ ᠮᠠᠭᠤ᠃
2 ᠬᠠᠭᠠᠭᠴᠢ ᠡᠳᠦᠷ : ᠡᠨᠡ ᠣᠳᠣᠨ ᠤ᠋ ᠡᠳᠦᠷ ᠠᠮᠢᠨ ᠵᠣᠯᠢᠶ᠎ᠠ ᠰᠠᠬᠢᠭᠤᠯᠰᠤᠨ ᠦᠢᠯᠡᠳᠪᠡᠯ᠂ ᠲᠡᠭᠷᠢ ᠨᠥᠬᠥᠳ ᠢ ᠳᠠᠬᠢᠪᠠᠯ ᠬᠥᠪᠡᠭᠦᠨ ᠥᠬᠢᠨ ᠢ ᠨᠡᠢᠯᠡᠭᠦᠯᠪᠡᠯ᠂ ᠬᠤᠳᠠᠯᠳᠤᠭ᠎ᠠ ᠬᠢᠪᠡᠯ᠂ ᠦᠭᠯᠢᠭᠡᠡ ᠥᠭᠪᠡᠯ ᠂ ᠭᠡᠷ ᠵᠠᠰᠠᠪᠠᠯ ᠭᠠᠵᠠᠷ ᠬᠥᠳᠡᠯᠭᠡᠪᠡᠯ᠂ ᠲᠠᠷᠢᠶ᠎ᠠ ᠳᠠᠷᠢᠪᠠᠯ ᠰᠠᠢᠨ᠃ ᠲᠥᠭᠡᠨᠡᠪᠡᠯ ᠡᠮ ᠤᠤᠭᠤᠪᠠᠯ ᠂ ᠭᠠᠯ ᠳᠠᠬᠢᠪᠠᠯ ᠂ ᠰᠢᠨ᠎ᠡ ᠭᠡᠷ ᠲᠦ᠍ ᠣᠷᠣᠪᠠᠯ ᠮᠠᠭᠤ᠃
3 ᠡᠵᠡᠯᠡᠭᠴᠢ ᠡᠳᠦᠷ : ᠣᠭᠲᠠᠷᠭᠤᠢ ᠶ᠋ᠢᠨ ᠡᠳᠦᠷ ᠪᠤᠶᠤ᠃ ᠭᠡᠷ ᠵᠠᠰᠠᠪᠠᠯ ᠂ ᠪᠦᠷᠢᠪᠡᠯ᠂ ᠮᠥᠷ ᠭᠠᠷᠭᠠᠪᠠᠯ᠂ ᠳᠠᠬᠢᠪᠠᠯ᠂ ᠲᠠᠪᠠᠭᠯᠠᠪᠠᠯ᠂ ᠪᠢᠴᠢᠭ ᠲᠦ᠍ ᠣᠷᠣᠪᠠᠯ᠂ ᠪᠤᠰᠤᠳ ᠲᠤ᠌ ᠵᠣᠯᠭᠠᠪᠠᠯ᠂ ᠨᠡᠩ ᠢᠯᠠᠩᠭᠤᠶ᠎ᠠ ᠨᠣᠶᠠᠨ ᠰᠠᠢᠳ ᠲᠤ᠌ ᠵᠣᠯᠭᠠᠪᠠᠯ ᠰᠠᠢᠨ᠃ ᠭᠠᠵᠠᠷ ᠬᠥᠨᠳᠡᠬᠦ ᠪᠠ ᠰᠠᠩ ᠨᠡᠭᠡᠭᠡᠬᠦ ᠵᠢᠴᠢ ᠤᠰᠤᠨ ᠦᠢᠯᠡᠰ ᠲᠦ᠍ ᠮᠠᠭᠤ᠃
4 ᠠᠷᠢᠯᠭᠠᠭᠴᠢ ᠡᠳᠦᠷ : ᠡᠭᠦᠳᠬᠦ ᠡᠳᠦᠷ ᠪᠤᠶᠤ ᠪᠤᠷᠬᠠᠨ ᠲᠡᠭᠷᠢ ᠳᠠᠬᠢᠪᠠᠯ᠂ ᠵᠣᠯᠢᠶ᠎ᠠ ᠰᠠᠬᠢᠭᠤᠯᠰᠤᠨ ᠦᠢᠯᠡᠳᠪᠡᠯ᠂ ᠲᠠᠲᠠᠯᠭ᠎ᠠ ᠪᠢᠴᠢᠯᠭᠡ ᠳ᠋ᠦ᠍ ᠣᠷᠣᠪᠠᠯ᠂ ᠭᠡᠷ ᠪᠠᠷᠢᠪᠠᠯ᠂ ᠮᠠᠯ ᠠᠳᠤᠭᠤᠰᠤ ᠰᠠᠯᠭᠠᠪᠠᠯ᠂ ᠬᠤᠳᠠᠯᠳᠤᠭ᠎ᠠ ᠬᠢᠪᠡᠯ᠂ ᠡᠪᠡᠳᠴᠢᠨ ᠵᠠᠰᠠᠭᠤᠯᠪᠠᠯ᠂ ᠦᠷ᠎ᠡ ᠲᠠᠷᠢᠶ᠎ᠠ ᠳᠠᠷᠢᠪᠠᠯ ᠡᠮ ᠨᠠᠢᠷᠠᠪᠠᠯ᠂ ᠬᠡᠷᠡᠭ ᠬᠢᠯᠭᠡᠪᠡᠯ᠂ ᠭᠠᠯ ᠳᠠᠬᠢᠪᠠᠯ᠂ ᠰᠦᠨᠡᠰᠦ ᠳᠠᠯᠠᠯᠪᠠᠯ ᠪᠦᠷ ᠰᠠᠢᠨ᠃ ᠨᠠᠮᠠᠨᠴᠢᠯᠠᠯ ᠳᠠᠭᠠᠳᠬᠠᠯ ᠬᠢᠪᠡᠯ ᠮᠠᠭᠤ᠃
5 ᠲᠦᠭᠦᠷᠡᠭᠴᠢ ᠡᠳᠦᠷ ᠄ ᠭᠡᠷ ᠵᠠᠰᠠᠪᠠᠯ ᠂ ᠬᠤᠪᠴᠠᠰᠤ ᠡᠰᠬᠡᠪᠡᠯ᠂ ᠪᠢᠴᠢᠭ ᠲᠠᠮᠠᠭ᠎ᠠ ᠴᠣᠬᠢᠭᠤᠯᠪᠠᠯ᠂ ᠰᠢᠨ᠎ᠡ ᠭᠡᠷ ᠲᠦ᠍ ᠣᠷᠣᠪᠠᠯ ᠥᠭᠯᠢᠭᠡ ᠥᠭᠪᠡᠯ ᠂ ᠶᠠᠭᠤᠮ᠎ᠠ ᠠᠪᠤᠪᠠᠯ᠂ ᠠᠮᠢᠨ ᠵᠣᠯᠢᠶ᠎ᠠ ᠰᠠᠬᠢᠭᠤᠯᠰᠤᠨ ᠦᠢᠯᠡᠳᠪᠡᠯ : ᠰᠢᠨ᠎ᠡ ᠬᠥᠰᠢᠭᠡ ᠲᠠᠲᠠᠪᠠᠯ ᠪᠦᠷ ᠰᠠᠢᠨ ᠭᠠᠵᠠᠷ ᠭᠦᠨᠳᠡᠪᠡᠯ᠂ ᠬᠣᠯᠠ ᠭᠠᠵᠠᠷ ᠬᠤᠳᠠᠯᠳᠤᠭ᠎ᠠ ᠬᠢᠬᠦ ᠪᠡᠷ ᠶᠠᠪᠤᠪᠠᠯ᠂ ᠭᠡᠷ ᠨᠡᠭᠦᠪᠡᠯ ᠮᠠᠭᠤ᠃
6 ᠲᠡᠭᠰᠢᠳᠬᠡᠭᠴᠢ ᠡᠳᠦᠷ ᠄ ᠮᠥᠷ ᠭᠠᠷᠭᠠᠪᠠᠯ ᠭᠡᠷ ᠪᠠᠷᠢᠪᠠᠯ᠂ ᠬᠠᠭᠤᠴᠢᠨ ᠡᠳ᠋ ᠪᠠᠷᠠᠭ᠎ᠠ ᠵᠠᠰᠠᠪᠠᠯ ᠰᠠᠢᠨ᠂ ᠰᠤᠪᠠᠭ ᠲᠠᠲᠠᠬᠤ᠂ ᠲᠠᠷᠢᠶ᠎ᠠ ᠬᠤᠪᠴᠠᠰᠤ ᠡᠰᠬᠡᠬᠦ ᠨᠣᠮ ᠪᠢᠴᠢᠬᠦ ᠵᠡᠷᠭᠡ ᠦᠢᠯᠡᠰ ᠲᠦ᠍ ᠮᠠᠭᠤ᠃
7 ᠲᠣᠭᠲᠠᠭᠠᠭᠴᠢ ᠡᠳᠦᠷ ᠄ ᠪᠢᠴᠢᠭ ᠲᠦ᠍ ᠣᠷᠣᠪᠠᠯ᠂ ᠬᠤᠪᠴᠠᠰᠤ ᠡᠰᠬᠡᠪᠡᠯ᠂ ᠪᠡᠷᠢ ᠭᠤᠶᠤᠪᠠᠯ᠂ ᠥᠬᠢᠨ ᠬᠦᠦ ᠶ᠋ᠢ ᠨᠡᠢᠯᠡᠭᠦᠯᠪᠡᠯ᠂ ᠠᠳᠤᠭᠤᠰᠤᠨ ᠰᠦᠷᠦᠭ ᠰᠠᠯᠭᠠᠪᠠᠯ᠂ ᠬᠥᠮᠦᠨ ᠠᠳᠤᠭᠤᠰᠤᠨ ᠥᠭᠪᠡᠯ᠂ ᠬᠤᠳᠠᠯᠳᠤᠭ᠎ᠠ ᠬᠢᠪᠡᠯ ᠰᠠᠢᠨ᠂ ᠮᠥᠷ ᠭᠠᠷᠭᠠᠪᠠᠯ ᠮᠠᠭᠤ᠃
8 ᠰᠠᠬᠢᠭᠴᠢ ᠡᠳᠦᠷ : ᠠᠯᠲᠠᠨ ᠤ᠋ ᠬᠡᠰᠢᠭ ᠡᠳᠦᠷ ᠪᠤᠶᠤ᠂ ᠠᠮᠢᠨ ᠰᠠᠬᠢᠭᠤᠯᠰᠤᠨ᠂ ᠣᠩᠭᠣᠨ᠂ ᠣᠩᠭᠣᠳ ᠳᠠᠬᠢᠪᠠᠯ᠂ ᠬᠠᠭᠠᠨ ᠳᠠᠳᠤᠯᠭ᠎ᠠ ᠪᠢᠴᠢᠭ ᠲᠦ᠍ ᠣᠷᠣᠪᠠᠯ᠂ ᠬᠥᠪᠡᠭᠦᠨ ᠥᠬᠢᠨ ᠨᠡᠢᠯᠡᠭᠦᠯᠪᠡᠯ ᠬᠤᠯᠠᠭᠠᠢ ᠭᠡᠲᠡᠪᠡᠯ᠂ ᠪᠢᠴᠢᠭ ᠠᠪᠤᠯᠴᠠᠪᠠᠯ ᠰᠠᠢᠨ᠂ ᠰᠢᠨ᠎ᠡ ᠭᠡᠷ ᠲᠦ᠍ ᠣᠷᠣᠪᠠᠯ ᠰᠠᠩ ᠨᠡᠭᠡᠭᠡᠪᠡᠯ ᠂ ᠦᠭᠯᠢᠭᠡᠡ ᠥᠭᠪᠡᠯ ᠵᠢᠴᠢ ᠮᠠᠯ ᠰᠦᠷᠦᠭᠯᠡᠭᠦᠯᠪᠡᠯ ᠮᠠᠭᠤ᠃
9 ᠡᠪᠳᠡᠯᠡᠭᠴᠢ ᠡᠳᠦᠷ ᠄ ᠡᠪᠡᠳᠴᠢᠨ ᠦᠵᠡᠪᠡᠯ᠂ ᠬᠠᠭᠤᠴᠢᠨ ᠭᠡᠷ ᠵᠠᠰᠠᠪᠠᠯ᠂ ᠬᠤᠯᠠᠭᠠᠢ ᠨᠡᠬᠡᠮᠵᠢᠯᠡᠯ ᠰᠠᠢᠨ᠃ ᠭᠠᠵᠠᠷ ᠭᠦᠨᠳᠡᠪᠡᠯ ᠮᠥᠷ ᠭᠠᠷᠭᠠᠪᠠᠯ ᠭᠡᠷ ᠨᠡᠭᠦᠪᠡᠯ᠂ ᠦᠬᠦᠨ ᠪᠤᠭᠳᠠᠯᠠᠪᠠᠯ ᠭᠠᠯ ᠳᠠᠬᠢᠪᠠᠯ ᠮᠠᠭᠤ᠃
10 ᠲᠦᠭᠰᠢᠭᠴᠢ ᠡᠳᠦᠷ : ᠪᠠᠰᠠ ᠬᠥᠳᠡᠭᠳᠡᠬᠦ ᠡᠳᠦᠷ ᠭᠡᠳᠡᠭ᠂ ᠠᠮᠢᠨ ᠵᠣᠯᠢᠶ᠎ᠠ ᠰᠠᠬᠢᠭᠤᠯᠰᠤᠨ ᠦᠢᠯᠡᠳᠪᠡᠯ᠂ ᠥᠬᠢᠨ ᠪᠣᠭᠲᠣᠯᠠᠪᠠᠯ ᠠᠩ ᠠᠩᠨᠠᠪᠠᠯ᠂ ᠣᠷᠣᠨ ᠰᠢᠷᠡᠭᠡ ᠵᠠᠰᠠᠪᠠᠯ᠂ ᠬᠤᠳᠠᠯᠳᠤᠭ᠎ᠠ ᠬᠢᠪᠡᠯ ᠰᠠᠢᠨ᠂ ᠮᠣᠳᠣᠨ ᠣᠭᠲᠣᠯᠪᠠᠯ ᠮᠠᠭᠤ᠃
11ᠪᠦᠲᠦᠭᠡᠭᠴᠢ ᠡᠳᠦᠷ : ᠲᠡᠭᠷᠢ ᠳᠠᠬᠢᠪᠠᠯ᠂ ᠠᠮᠢᠨ ᠵᠣᠯᠢᠶ᠎ᠠ ᠦᠢᠯᠡᠳᠪᠡᠯ᠂ ᠬᠤᠪᠴᠠᠰᠤ ᠡᠰᠬᠡᠪᠡᠯ᠂ ᠡᠮ ᠤᠤᠭᠤᠪᠠᠯ᠂ ᠠᠳᠤᠭᠤᠰᠤᠨ ᠰᠠᠯᠭᠠᠪᠠᠯ᠂ ᠡᠪᠡᠳᠴᠢᠨ ᠦᠵᠡᠪᠡᠯ᠂ ᠬᠠᠭᠤᠴᠢᠨ ᠭᠡᠷ ᠵᠠᠰᠠᠪᠠᠯ᠂ ᠮᠥᠷ ᠭᠠᠷᠭᠠᠪᠠᠯ᠂ ᠡᠳ᠋ ᠲᠠᠸᠠᠷ ᠨᠥᠬᠥᠪᠡᠯ᠂ ᠪᠡᠷᠢ ᠪᠠᠭᠤᠯᠭᠠᠪᠠᠯ᠂ ᠥᠭᠯᠢᠭᠡ ᠥᠭᠪᠡᠯ ᠰᠠᠢᠨ᠃ ᠵᠠᠷᠭᠤ ᠬᠢᠪᠡᠯ ᠮᠠᠭᠤ᠃
12 ᠬᠤᠷᠢᠶᠠᠭᠴᠢ ᠡᠳᠦᠷ : ᠬᠤᠯᠠᠭᠠᠢ ᠭᠡᠲᠡᠪᠡᠯ᠂ ᠪᠠᠷᠠᠭ᠎ᠠ ᠣᠷᠣᠭᠤᠯᠪᠠᠯ᠂ ᠭᠡᠷ ᠲᠡᠷᠭᠡ ᠵᠠᠰᠠᠪᠠᠯ᠂ ᠲᠠᠷᠢᠶ᠎ᠠ ᠳᠠᠷᠢᠪᠠᠯ᠂ ᠲᠡᠭᠷᠢ ᠳᠠᠬᠢᠪᠠᠯ ᠪᠢᠴᠢᠭ ᠲᠦ᠍ ᠣᠷᠣᠪᠠᠯ᠂ ᠰᠠᠩ ᠨᠡᠭᠡᠭᠡᠪᠡᠯ᠂ ᠬᠥᠮᠦᠨ ᠠᠳᠤᠭᠤᠰᠤᠨ ᠢ ᠥᠭᠪᠡᠯ ᠰᠠᠢᠨ᠂ ᠮᠥᠷ ᠭᠠᠷᠭᠠᠬᠤ ᠨᠣᠮ ᠪᠢᠴᠢᠪᠡᠯ ᠮᠠᠭᠤ᠃
