ᠵᠢᠷᠦᠬᠡᠨ ᠪᠦᠪᠡᠢ - ᠴᠣ ᠂ ᠣᠷᠱᠤᠨ Зүрхэн бүүвэй – Чо ᠂ Оршин
ᠵᠢᠷᠦᠬᠡᠨ ᠪᠦᠪᠡᠢ
ᠡᠩ ᠲᠣᠬᠣᠢ ᠲᠡᠩᠴᠡᠭᠰᠡᠨ
ᠡᠯᠪᠡᠭ ᠪᠦᠲᠦᠨ ᠳᠡᠪᠡᠯ᠃
ᠡᠷᠳᠡᠨᠢ ᠪᠡᠷ ᠰᠢᠭᠢᠳᠬᠡᠮᠡᠯ
ᠡᠯᠡᠰᠦ ᠲᠡᠢ ᠱᠠᠩᠳᠠ
ᠡᠷᠬᠡᠰ ᠴᠡᠩᠬᠡᠷ ᠬᠠᠶᠠᠭ᠃
ᠨᠠᠷᠠᠨ ᠤ᠋ ᠭᠡᠷᠡᠯ ᠰᠢᠵᠢᠷᠲᠡᠵᠤ
ᠨᠠᠪᠴᠢ ᠨᠣᠭᠣᠭ᠎ᠠ ᠴᠡᠯᠭᠡᠷᠡᠭᠰᠡᠨ
ᠨᠠᠯᠠᠭᠠᠷ ᠠᠭᠤᠳᠠᠮ ᠭᠠᠵᠠᠷ᠃
ᠰᠠᠷᠠᠨ ᠤ᠋ ᠲᠤᠶᠠᠭ᠎ᠠ ᠬᠡᠷᠡᠯᠳᠦᠵᠦ
ᠰᠠᠢᠬᠠᠨ ᠳᠤᠷᠠᠳᠬᠠᠯ ᠮᠥᠩᠬᠡᠵᠢᠭᠰᠡᠨ
ᠴᠠᠢᠳᠠᠮ ᠮᠥᠩᠭᠥᠨ ᠳᠡᠯᠡᠬᠡᠢ᠃
ᠴᠠᠰᠤ᠂ ᠪᠣᠷᠣᠭ᠎ᠠ᠂ ᠮᠥᠨᠳᠥᠷ
ᠴᠠᠭ ᠤ᠋ᠨ ᠵᠢᠮ᠎ᠡ ᠡᠷᠬᠡᠰᠢᠶᠡᠭᠰᠡᠨ
ᠴᠠᠢᠯᠭᠠᠨ ᠮᠣᠩᠭᠣᠯ ᠤᠷᠲᠤᠷᠢᠭ᠃
ᠰᠠᠮᠠᠭᠤᠨ᠂ ᠲᠦᠪᠰᠢᠨ ᠠᠮᠢᠰᠬᠤᠯ ᠳ᠋ᠤ᠌
ᠰᠠᠭᠠᠳ ᠢ᠋ ᠢᠮᠡᠷᠴᠦ ᠵᠢᠷᠤᠭᠯᠠᠭᠰᠠᠨ
ᠴᠠᠩ ᠪᠤᠭᠤᠷᠤᠯ ᠥᠷᠭᠡᠷᠢᠭ᠃
ᠭᠠᠯᠪᠠ ᠶ᠋ᠢᠨ ᠲᠥᠭᠥᠷᠢᠭ ᠲᠣᠯᠢ
ᠭᠠᠯᠠᠭᠤ ᠰᠢᠪᠠᠭᠤᠳ ᠨᠤᠲᠤᠭᠰᠢᠭᠰᠠᠨ
ᠭᠠᠷᠠᠬᠠᠨ ᠨᠢᠳᠦᠲᠦ ᠪᠦᠷᠢᠳᠦ᠃
ᠭᠠᠨᠵᠤᠭ᠎ᠠ ᠰᠢᠷᠦᠭᠦᠨ ᠶᠦᠷᠭᠦᠭᠡ
ᠭᠠᠳᠠ ᠮᠡᠢᠷᠡᠨ ᠢ᠋ ᠰᠠᠨᠠᠭᠠᠯᠵᠠᠭᠰᠠᠨ
ᠭᠠᠩ ᠲᠠᠢ ᠰᠢᠷ᠎ᠠ ᠮᠥᠷᠡᠨ᠃
ᠡᠷᠭᠢᠨ᠎ᠡ ᠬᠤᠨ ᠤ᠋ ᠲᠦᠳᠡᠭ
ᠡᠨᠳᠡ ᠮᠠᠨᠠᠭᠰᠠᠨ ᠴᠣᠭ
ᠡᠷᠡᠨ ᠳᠠᠮᠵᠢᠭᠰᠠᠨ ᠣᠴᠢ᠃
ᠡᠯᠦᠨᠴᠡ ᠬᠤᠯᠤᠨᠴᠠ ᠤᠭᠰᠠᠭ᠎ᠠ
ᠡᠬᠡ ᠭᠠᠵᠠᠷ ᠯᠤᠭᠰᠢᠭᠰᠠᠨ
ᠡᠯᠢᠭᠡᠨ ᠰᠤᠳᠠᠰᠤᠨ ᠤ᠋ ᠴᠣᠬᠢᠯᠭ᠎ᠠ᠃
ᠠᠭᠤᠯᠠᠰ ᠦᠯᠢᠭᠡᠷ ᠬᠦᠦᠷᠨᠢᠵᠦ
ᠤᠶᠠᠩᠭ᠎ᠠ ᠥᠪᠡᠷᠮᠢᠴᠡ ᠨᠠᠮᠪᠠᠵᠠᠭᠰᠠᠨ
ᠤᠷᠢᠳᠤ ᠶ᠋ᠢᠨ ᠤᠷᠢᠳᠤ ᠬᠦᠯᠦᠭ᠃
ᠤᠰᠤ ᠲᠤᠤᠯᠢ ᠬᠠᠢᠯᠵᠤ
ᠣᠮᠣᠭᠯᠠᠩ ᠳᠠᠭᠤᠯᠠᠯ ᠳᠡᠪᠲᠡᠷᠯᠡᠭᠰᠡᠨ
ᠣᠷᠣᠨ ᠨᠤᠲᠤᠭ ᠤ᠋ᠨ ᠴᠠᠳᠢᠭ᠃
ᠰᠥᠰᠥ ᠡᠷᠡᠯᠬᠡᠭ ᠵᠠᠶᠠᠭᠠᠨ ᠤ᠋
ᠰᠦᠯᠳᠡ ᠲᠤᠯᠤᠭᠰᠠᠨ ᠭᠣᠯᠣᠮᠲᠠ
ᠵᠡᠭᠦᠳᠦᠨ ᠦ᠌ ᠡᠪᠡᠢ᠂ ᠥᠯᠥᠭᠡᠢ᠃
ᠵᠣᠷᠢᠭ ᠪᠣᠰᠤᠭ᠎ᠠ ᠰᠡᠳᠬᠢᠯ ᠦ᠋ᠨ
ᠵᠣᠯᠪᠣᠭ᠎ᠠ ᠮᠠᠨᠳᠤᠭᠠᠭᠰᠠᠨ ᠬᠡᠢᠮᠣᠷᠢ
ᠵᠢᠷᠦᠬᠡᠨ ᠦ᠌ ᠪᠦᠪᠡᠢ᠂ ᠨᠤᠲᠤᠭ᠃
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ 》ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 02
