ᠥᠨᠥᠴᠢᠨ ᠬᠤᠷᠠᠭᠠᠨ ᠤ ᠵᠠᠶᠠᠭ᠎ᠠ - ᠴᠣ ᠂ ᠣᠷᠱᠤᠨ Өнчин хурганы заяа – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠥᠴᠢᠨ ᠬᠤᠷᠠᠭᠠᠨ ᠤ ᠵᠠᠶᠠᠭ᠎ᠠ - ᠴᠣ ᠂ ᠣᠷᠱᠤᠨ Өнчин хурганы заяа – Чо ᠂ Оршин

ᠥᠨᠥᠴᠢᠨ ᠬᠤᠷᠠᠭᠠᠨ ᠤ ᠵᠠᠶᠠᠭ᠎ᠠ - ᠴᠣ ᠂ ᠣᠷᠱᠤᠨ Өнчин хурганы заяа – Чо ᠂ Оршин

2024-04-13

307

ᠥᠨᠥᠴᠢᠨ ᠬᠤᠷᠠᠭᠠᠨ ᠤ ᠵᠠᠶᠠᠭ᠎ᠠ


 ᠬᠠᠩᠰᠢ ᠨᠡᠭᠡᠭᠡᠬᠦ ᠡᠴᠡ ᠡᠮᠦᠨᠡᠬᠡᠨ 
 ᠬᠠᠢᠯᠵᠤ ᠭᠦᠢᠴᠡᠭᠡ ᠦᠭᠡᠢ ᠴᠠᠰᠤᠨ ᠳ᠋ᠤ᠌ 
 ᠨᠠᠰᠤᠨ ᠳ᠋ᠤ᠌ ᠬᠦᠷᠦᠭᠡᠳᠦᠢ ᠵᠤᠰᠠᠭ ᠠ᠋ᠴᠠ 
 ᠨᠢᠷᠠᠢ ᠪᠡᠶ᠎ᠡ ᠮᠢᠨᠢ ᠲᠥᠷᠥᠯ᠎ᠡ᠃ 
 ᠰᠦ ᠵᠢᠯᠪᠢ ᠦᠭᠡᠢ ᠡᠬᠡ ᠮᠢᠨᠢ 
 ᠰᠦᠷᠦᠭ ᠢ᠋ᠶ᠋ᠡᠨ ᠳ᠋ᠡᠭᠡᠨ ᠬᠡᠯᠲᠦᠷᠢᠯ᠎ᠡ 
 ᠬᠤᠪᠢ ᠮᠠᠭᠤᠲᠠᠢ ᠪᠢ ᠯᠡ 
 ᠬᠣᠯᠠ ᠶ᠋ᠢᠨ ᠪᠡᠯᠴᠢᠭᠡᠷ ᠲᠤ ᠦᠯᠡᠲᠡᠯ᠎ᠡ 
 ᠠᠵᠢᠯᠴᠢ ᠬᠥᠮᠦᠨ ᠪᠠᠢᠭᠰᠠᠨ ᠪᠣᠯ 
 ᠠᠪᠤᠭᠠᠳ ᠨᠠᠮᠠᠶ᠋ᠢ ᠤᠭᠤᠲᠠᠯᠠᠬᠤ ᠰᠠᠨ᠂ 
 ᠠᠭᠠᠰᠢ ᠮᠠᠭᠤᠲᠠᠢ ᠡᠵᠡᠨ ᠮᠢᠨᠢ 
 ᠠᠵᠢᠬᠤ ᠴᠤ᠌ ᠦᠭᠡᠢ ᠥᠩᠭᠡᠷᠡᠯ᠎ᠡ᠃  
 ᠬᠦᠢᠲᠡᠨ ᠰᠠᠯᠬᠢ ᠦᠯᠢᠶᠡᠪᠡ 
 ᠬᠥᠷᠪᠡᠭᠦᠯᠵᠦ ᠨᠠᠮᠠᠶ᠋ᠢ ᠤᠨᠠᠭᠠᠪᠠ᠂  
 ᠬᠥᠳᠡᠭᠡ ᠬᠡᠭᠡᠷ᠎ᠡ ᠪᠢ 
 ᠬᠡᠵᠢᠶ᠎ᠡ ᠣᠰᠤᠭᠤᠵᠤ ᠦᠬᠦᠬᠦ ᠪᠣᠯ⁈ 
 ᠦᠬᠦᠭᠰᠡᠨ ᠬᠣᠢᠨ᠎ᠠ ᠴᠤ᠌ ᠶᠠᠭᠠᠬᠢᠬᠤᠪ 
 ᠥᠴᠦᠬᠡᠨ ᠭᠡᠵᠦ ᠭᠣᠯᠣᠬᠤ ᠦᠭᠡᠢ ᠶᠦᠮ᠂  
 ᠥᠨᠥᠬᠢ ᠡᠵᠡᠨ ᠮᠢᠨᠢ ᠬᠡᠳᠦᠢᠨᠡᠢ 
 ᠥᠪᠴᠢᠵᠦ ᠠᠷᠠᠰᠤ ᠶ᠋ᠢ ᠭᠠᠨᠵᠤᠭᠠᠯᠠᠨ᠎ᠠ᠃ 
 ᠠᠳᠬᠤ ᠭᠠᠷᠤᠢᠬᠠᠨ ᠪᠡᠶ᠎ᠡ ᠮᠢᠨᠢ 
 ᠠᠷᠠᠰᠤᠨ ᠡᠯᠳᠡᠭᠦᠷ ᠲᠤ ᠣᠷᠣᠭᠠᠳ 
 ᠬᠣᠢᠷᠭᠣ ᠡᠨᠡᠬᠦ ᠵᠠᠯᠠᠭᠤ ᠶ᠋ᠢᠨ 
 ᠬᠤᠷᠠᠭᠠᠨ ᠳᠡᠪᠡᠯ ᠳ᠋ᠦ᠍ ᠠᠮᠠᠯᠠᠭᠳᠠᠨ᠎ᠠ᠃ 
 ᠭᠣᠯᠣᠭᠳᠠᠵᠤ ᠬᠠᠶᠠᠭᠳᠠᠭᠰᠠᠨ ᠪᠢ 
 ᠭᠣᠮᠣᠳᠠᠯ ᠢᠩᠭᠢᠵᠦ ᠲᠥᠷᠥᠭᠡᠳ 
 ᠭᠣᠣᠯ ᠵᠢᠷᠦᠬᠡ ᠴᠡᠴᠡᠷᠡᠨ 
 ᠭᠤᠲᠤᠷᠠᠵᠤ ᠲᠡᠯᠴᠢᠯᠡᠨ ᠪᠠᠢᠲᠠᠯ᠎ᠠ 
 ᠥᠭᠭᠢᠶᠡᠮᠦᠷ ᠰᠠᠢᠨ ᠰᠠᠨᠠᠭ᠎ᠠ ᠲᠠᠢ 
 ᠦᠬᠡᠷᠴᠢᠨ ᠡᠪᠦᠭᠡᠨ ᠲᠠᠭᠠᠷᠠᠵᠠᠢ 
 ᠦᠷᠦ ᠡᠪᠡᠳᠴᠦ ᠬᠣᠷᠮᠣᠢᠯᠠᠭᠠᠳ 
 ᠡᠷᠦᠬᠡ ᠭᠡᠷ ᠲᠡᠭᠡᠨ ᠠᠪᠠᠴᠢᠵᠠᠢ᠃ 
 《 ᠬᠠᠷᠠᠬᠠᠨ ᠭᠠᠭᠴᠠ ᠬᠤᠷᠠᠭ᠎ᠠ ᠴᠤ᠌ 
 ᠬᠠᠮᠲᠤ ᠨᠡᠢᠲᠡ ᠶ᠋ᠢᠨ ᠬᠥᠷᠥᠩᠭᠡ ᠰᠢᠦ᠂ 
 ᠬᠠᠢᠷᠠᠯᠠᠵᠤ ᠲᠡᠭᠦᠨ ᠢ᠋ ᠥᠰᠬᠡᠬᠦ ᠳ᠋ᠦ᠍ 
 ᠬᠠᠷᠢᠨ ᠪᠢᠳᠡᠨ ᠦ᠌ ᠬᠠᠷᠢᠭᠤᠴᠠᠯᠭ᠎ᠠ》 ᠭᠡᠳ 
 ᠡᠮᠡᠭᠡᠨ ᠡᠪᠦᠭᠡᠨ ᠬᠣᠶᠠᠭᠤᠯᠠ ᠪᠠᠨ 
 ᠡᠩᠬᠦᠷᠡᠢᠯᠡᠵᠦ ᠨᠠᠮᠠᠶ᠋ᠢ ᠲᠡᠵᠢᠭᠡᠯ᠎ᠡ᠃ 
 ᠡᠷᠬᠢᠮ ᠦᠨᠡᠲᠦ ᠲᠤᠷᠰᠢᠯᠭ᠎ᠠ ᠪᠠᠷ 
 ᠡᠳᠡᠭᠡᠭᠡᠵᠦ ᠬᠤᠷᠳᠤᠨ ᠠᠪᠤᠷᠠᠯ᠎ᠠ᠃ 
 ᠰᠢᠮᠡᠳᠦ ᠰᠦ ᠪᠡᠷ ᠤᠭᠵᠢᠬᠳᠠᠵᠤ 
 ᠰᠢᠨᠡᠬᠡᠨ ᠢᠰᠡᠭᠡᠢ ᠪᠡᠷ ᠨᠡᠮᠨᠡᠭᠳᠡᠵᠦ 
 ᠳᠤᠯᠠᠭᠠᠨ ᠭᠡᠷ ᠲᠤ ᠳᠡᠭᠵᠢᠷᠡᠵᠦ 
 ᠳᠣᠣᠷ᠎ᠠ ᠪᠠᠨ ᠳᠡᠪᠢᠰᠬᠡᠷ ᠬᠢᠯᠭᠡᠭᠡᠳ᠂ 
 ᠲᠣᠷᠮᠣᠭᠣᠷ ᠨᠢᠳᠦ ᠮᠢᠨᠢ ᠭᠡᠷᠡᠯᠲᠦᠪᠡ 
 ᠲᠣᠷᠨᠢᠨ ᠪᠣᠢᠵᠢᠵᠤ ᠡᠬᠢᠯᠡᠪᠡ 
 ᠲᠤᠩ ᠴᠤ᠌ ᠬᠥᠭᠡᠷᠦᠬᠦᠨ ᠦᠰᠪᠡ 
 ᠲᠣᠭᠯᠠᠨ ᠬᠠᠷᠠᠢᠯᠠᠵᠤ ᠨᠠᠭᠠᠳᠪᠠ᠃ 

 ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠭᠡᠳᠡᠭ ᠰᠢᠯᠦᠭ ᠦ᠋ᠨ ᠲᠡᠭᠦᠪᠦᠷᠢ ᠡᠴᠡ ᠡᠰᠢᠯᠡᠪᠡ᠃
           ᠦᠰᠦᠭ ᠠᠮᠢᠯᠠᠭᠤᠯᠤᠭᠴᠢ᠄  ᠪᠠᠶᠠᠷᠴᠡᠴᠡᠭ  
               2024 03 30