ᠴᠢ ᠮᠢᠨᠢ ᠪᠠᠢᠭ᠎ᠠ ᠬᠣᠢᠨ᠎ᠠ- Чи Минь байгаа хойноBold B, Munguntsetseg H - Chi Mini Baigaa Hoino ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ ᠮᠢᠨᠢ ᠪᠠᠢᠭ᠎ᠠ ᠬᠣᠢᠨ᠎ᠠ- Чи Минь байгаа хойноBold B, Munguntsetseg H - Chi Mini Baigaa Hoino

ᠴᠢ ᠮᠢᠨᠢ ᠪᠠᠢᠭ᠎ᠠ ᠬᠣᠢᠨ᠎ᠠ- Чи Минь байгаа хойноBold B, Munguntsetseg H - Chi Mini Baigaa Hoino

ᠠᠩᠭᠢᠯᠠᠯ:ᠳᠠᠭᠤᠤ ᠬᠥᠭᠵᠢᠮ
2024-04-14

642

ᠴᠢ ᠮᠢᠨᠢ ᠪᠠᠢᠭ᠎ᠠ ᠬᠣᠢᠨ᠎ᠠ

   ᠦᠭᠡ ᠠᠶ᠎ᠠ ᠄  ᠶ᠋ᠢᠨ ᠂ ᠪᠠᠰᠠᠩᠬᠦᠦ 
   ᠳᠠᠭᠤᠴᠢᠨ᠄ ᠪᠣᠯᠣᠳ᠂ ᠮᠥᠩᠭᠥᠨᠴᠡᠴᠡᠭ 
ᠨᠠᠮᠤᠷ ᠤ᠋ᠨ ᠰᠡᠷᠢᠭᠦᠦ ᠤᠨᠠᠭᠰᠠᠨ ᠴᠤ᠌ ᠶᠠᠭᠠᠬᠢᠬᠤᠪ ᠳᠠ 
ᠨᠠᠰᠤ ᠪᠠᠷ ᠢ᠋ᠶ᠋ᠠᠨ ᠴᠢ ᠮᠢᠨᠢ ᠳᠡᠷᠭᠡᠳᠡ ᠪᠠᠢᠭ᠎ᠠ ᠬᠣᠢᠨ᠎ᠠ 
ᠨᠠᠪᠴᠢᠰ ᠬᠦᠷᠲᠡᠯ᠎ᠡ ᠭᠤᠨᠳᠠᠭᠰᠠᠨ ᠴᠤ᠌ ᠶᠠᠭᠠᠬᠢᠬᠤᠪ ᠳᠠ  
ᠨᠠᠢᠷᠰᠠᠭᠬᠠᠨ ᠴᠢ ᠮᠢᠨᠢ ᠬᠠᠵᠠᠭᠤ ᠳ᠋ᠤ᠌ ᠪᠠᠢᠭ᠎ᠠ ᠬᠣᠢᠨ᠎ᠠ 
ᠪᠣᠯᠤᠨ᠎ᠠ ᠳᠠ ᠪᠣᠯᠤᠨ᠎ᠠ ᠬᠣᠶᠠᠭᠤᠯᠠ ᠪᠠᠨ 
ᠪᠣᠷᠣᠭ᠎ᠠ ᠲᠠᠢ ᠵᠤᠨ ᠤ᠋ ᠦᠳᠡᠰᠢ ᠢᠷᠡᠨ᠎ᠡ ᠳᠠ 
ᠪᠣᠳᠣᠬᠤ ᠠ᠋ᠴᠠ ᠴᠢ ᠮᠢᠨᠢ ᠬᠥᠭᠡᠷᠦᠬᠦᠨ ᠳᠡ 
ᠪᠣᠷᠣᠬᠠᠨ ᠵᠢᠷᠦᠬᠡᠨ ᠳ᠋ᠦ᠍ ᠴᠡᠴᠡᠭᠯᠡᠨ᠎ᠡ ᠳᠡ ᠴᠡᠴᠡᠭᠯᠡᠨ᠎ᠡ ᠳᠡ ᠬᠦ 
ᠡᠪᠦᠯ ᠦ᠋ᠨ ᠵᠢᠪᠠᠷ ᠵᠢᠩᠳᠡᠭᠦᠯᠦᠭᠰᠡᠨ ᠴᠦ᠍ ᠶᠠᠭᠠᠬᠢᠬᠤᠪ ᠳᠠ
ᠥᠨᠢᠳᠡ ᠴᠢ ᠮᠢᠨᠢ ᠳᠡᠷᠭᠡᠳᠡ ᠪᠠᠢᠭ᠎ᠠ ᠬᠣᠢᠨ᠎ᠠ
ᠥ ᠦᠭᠡᠢ ᠴᠠᠰᠤᠨ ᠪᠤᠲᠠᠷᠠᠭ᠎ᠠ ᠦᠭᠡᠢ ᠴᠦ᠍ ᠶᠠᠭᠠᠬᠢᠬᠤᠪ ᠳᠠ
ᠦᠷᠦ ᠰᠡᠳᠬᠢᠯ ᠳ᠋ᠦ᠍ ᠮᠢᠨᠢ ᠴᠢ ᠮᠢᠨᠢ ᠪᠠᠢᠭ᠎ᠠ ᠬᠣᠢᠨ᠎ᠠ
ᠪᠣᠯᠤᠨ᠎ᠠ ᠳᠠ ᠪᠣᠯᠤᠨ᠎ᠠ ᠬᠣᠶᠠᠭᠤᠯᠠ ᠪᠠᠨ
ᠪᠣᠷᠣᠭ᠎ᠠ ᠲᠠᠢ ᠵᠤᠨ ᠤ᠋ ᠦᠳᠡᠰᠢ ᠢᠷᠡᠨ᠎ᠡ ᠳᠠ
ᠪᠣᠳᠣᠬᠤ ᠠ᠋ᠴᠠ ᠴᠢ ᠮᠢᠨᠢ ᠬᠥᠭᠡᠷᠦᠬᠦᠨ ᠳᠡ
ᠪᠣᠷᠣᠬᠠᠨ ᠵᠢᠷᠦᠬᠡᠨ ᠳ᠋ᠦ᠍ ᠴᠡᠴᠡᠭᠯᠡᠨ᠎ᠡ ᠳᠡ ᠴᠡᠴᠡᠭᠯᠡᠨ᠎ᠡ ᠳᠡ ᠬᠦ
ᠬᠠᠪᠤᠷ ᠤ᠋ᠨ ᠰᠠᠯᠬᠢ ᠨᠢ ᠪᠣᠰᠤᠭᠰᠠᠨ ᠴᠤ᠌ ᠶᠠᠭᠠᠬᠢᠬᠤᠪ ᠳᠠ
ᠬᠠᠰᠢ ᠳ᠋ᠤ᠌ ᠪᠠᠨ ᠢᠷᠭᠤᠢ ᠴᠤᠬᠤᠢᠬᠤ ᠭᠡᠵᠦ ᠪᠠᠢᠭ᠎ᠠ ᠬᠣᠢᠨ᠎ᠠ
ᠬᠣᠩᠭᠣᠷ ᠴᠢ ᠮᠢᠨᠢ ᠡᠷᠬᠡᠯᠡᠯ᠎ᠡ ᠲᠤᠨᠢᠷᠬᠠᠯ᠎ᠠ ᠴᠤ᠌
ᠬᠠᠷᠠᠮ ᠦᠭᠡᠢ ᠬᠠᠢᠷ᠎ᠠ ᠪᠠᠨ ᠶᠠᠭᠠᠬᠢᠵᠤ ᠯᠠ ᠮᠠᠷᠲᠠᠬᠤᠪ ᠳᠠ
ᠪᠦᠲᠦᠨ᠎ᠡ ᠳᠡ ᠪᠦᠲᠦᠨ᠎ᠡ ᠬᠣᠶᠠᠭᠤᠯᠠ ᠪᠠᠨ
ᠳᠦᠭᠦᠷᠡᠩ ᠲᠡᠷᠭᠡᠯ ᠰᠠᠷᠠᠨ ᠳ᠋ᠤ᠌ ᠰᠢᠪᠡᠨᠡᠯ᠎ᠡ
ᠪᠣᠳᠣᠬᠤ ᠠ᠋ᠴᠠ ᠴᠢ ᠮᠢᠨᠢ ᠬᠥᠭᠡᠷᠦᠬᠦᠨ ᠳᠡ
ᠪᠣᠷᠣᠬᠠᠨ ᠵᠢᠷᠦᠬᠡᠨ ᠳ᠋ᠦ᠍ ᠴᠡᠴᠡᠭᠯᠡᠨ᠎ᠡ ᠳᠡ ᠴᠡᠴᠡᠭᠯᠡᠨ᠎ᠡ ᠳᠡ ᠬᠦ

   ᠦᠰᠦᠭ ᠠᠮᠢᠯᠠᠭᠤᠯᠤᠭᠴᠢ᠄ ᠠᠩᠴᠢᠨ
   ᠦᠰᠦᠭ ᠬᠠᠲᠠᠭᠴᠢ᠄ ᠠᠩᠴᠢᠨ
   ᠬᠢᠨᠠᠭᠴᠢ᠄ ᠮᠥᠴᠢᠷ ᠂ᠣᠶᠤᠨᠴᠡᠴᠡᠭ