ᠥᠷᠭᠡᠨ ᠵᠡᠭᠡᠰᠦӨргөн зэгс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠭᠡᠨ ᠵᠡᠭᠡᠰᠦӨргөн зэгс

ᠥᠷᠭᠡᠨ ᠵᠡᠭᠡᠰᠦӨргөн зэгс

2024-04-14

328

ᠥᠷᠭᠡᠨ ᠵᠡᠭᠡᠰᠦ

          ᠵᠡᠭᠡᠰᠦ ᠶ᠋ᠢᠨ ᠢᠵᠠᠭᠤᠷ
      ᠣᠯᠠᠨ ᠨᠠᠰᠤᠲᠤ ᠡᠪᠡᠰᠦᠯᠢᠭ ᠤᠷᠭᠤᠮᠠᠯ᠂ 1—2m ᠥᠨᠳᠥᠷ᠂ ᠴᠠᠭᠠᠨ ᠦᠨᠳᠦᠰᠦᠯᠢᠭ ᠡᠰᠢ ᠲᠡᠢ᠃ ᠡᠰᠢ ᠨᠢ ᠰᠠᠯᠠᠭ᠎ᠠ ᠦᠭᠡᠢ᠂ ᠴᠣᠯ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠥᠷᠭᠡᠨ ᠪᠦᠰᠡ ᠬᠡᠯᠪᠡᠷᠢ ᠲᠡᠢ᠂ 1m ᠭᠠᠷᠤᠢ ᠤᠷᠲᠤ᠂ 1—2cm ᠥᠷᠭᠡᠨ᠂ ᠪᠦᠲᠦᠨ ᠬᠥᠪᠡᠭᠡ ᠲᠡᠢ᠂ ᠦᠰᠦ ᠦᠭᠡᠢ᠂ ᠤᠭ ᠨᠢ ᠲᠣᠭᠳᠣᠢ ᠰᠢᠭ᠋ ᠪᠣᠯᠵᠤ ᠡᠰᠢ ᠪᠡᠨ ᠪᠠᠭᠯᠠᠵᠤ ᠪᠣᠢ᠂ ᠲᠣᠭᠳᠣᠢ ᠶ᠋ᠢᠨ ᠠᠮᠠᠰᠠᠷ ᠤ᠋ᠨ ᠬᠥᠪᠡᠭᠡ ᠨᠢ ᠴᠠᠭᠠᠨ ᠲᠣᠷᠭᠠᠨ ᠬᠠᠯᠢᠰᠤᠯᠢᠭ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠡᠰᠢᠨ ᠦ᠌ ᠣᠷᠣᠢ ᠳ᠋ᠤ᠌ ᠪᠥᠭᠡᠷᠡᠩᠬᠡᠢ ᠪᠠᠭᠠᠨ᠎ᠠ ᠬᠡᠯᠪᠡᠷᠢᠲᠦ ᠪᠠᠭ ᠴᠡᠴᠡᠭ ᠪᠦᠷᠢᠯᠳᠦᠨ᠎ᠡ᠂2—3 ᠡᠷᠲᠡ ᠤᠨᠠᠬᠤ ᠨᠠᠪᠴᠢᠯᠢᠭ ᠪᠠᠭᠯᠠᠭᠴᠢ ᠲᠠᠢ᠃ ᠴᠡᠴᠡᠭ ᠨᠢ ᠵᠢᠵᠢᠭ᠂ ᠦᠰᠦ ᠲᠡᠢ᠂  ᠴᠡᠴᠡᠭ  ᠦ᠋ᠨ  ᠰᠢᠳᠠᠷ  ᠦᠭᠡᠢ ᠃ ᠡᠷ᠎ᠡ  ᠴᠡᠴᠡᠭ  ᠨᠢ  ᠭᠤᠷᠪᠠᠨ   ᠡᠷ᠎ᠡ  ᠲᠣᠭᠣᠷᠴᠣᠭ  ᠲᠠᠢ ᠃ᠴᠡᠴᠡᠭ ᠦ᠋ᠨ ᠲᠣᠭᠣᠰᠣ ᠨᠢ ᠰᠢᠷ᠎ᠠ ᠥᠩᠭᠡᠲᠡᠢ ᠪᠥᠭᠡᠳ ᠳᠥᠷᠪᠡ ᠳᠥᠷᠪᠡ ᠪᠡᠷ ᠨᠡᠢᠯᠡᠵᠦ ᠤᠷᠭᠤᠨ᠎ᠠ᠃ ᠡᠮ᠎ᠡ ᠴᠡᠴᠡᠭ ᠨᠢ ᠵᠢᠵᠢᠭ ᠪᠠᠭᠯᠠᠭᠴᠢ ᠦᠭᠡᠢ᠂ ᠪᠦᠰᠡ ᠬᠡᠯᠪᠡᠷᠢᠲᠦ ᠤᠮᠠᠢ ᠲᠠᠢ᠂ ᠤᠭ ᠲᠤᠨᠢ ᠤᠷᠲᠤ ᠴᠠᠭᠠᠨ ᠦᠰᠦ ᠲᠡᠢ᠂ ᠡᠷ᠎ᠡ ᠪᠠᠭ ᠴᠡᠴᠡᠭ ᠨᠢ ᠳᠡᠭᠡᠳᠦ ᠲᠠᠯ᠎ᠠ ᠳ᠋ᠤᠨᠢ ᠤᠷᠭᠤᠨ᠎ᠠ᠃ 10—20cm  ᠤᠷᠲᠤ᠃ ᠡᠮ᠎ᠡ ᠪᠠᠭ ᠴᠡᠴᠡᠭ ᠨᠢ ᠳᠣᠣᠷᠠᠲᠤ ᠲᠠᠯ᠎ᠠ ᠳ᠋ᠤᠨᠢ ᠤᠷᠭᠤᠨ᠎ᠠ᠂ ᠡᠷ᠎ᠡ ᠪᠠᠭ ᠴᠡᠴᠡᠭ ᠲᠡᠢ ᠪᠡᠨ ᠠᠳᠠᠯᠢ ᠪᠤᠶᠤ ᠵᠢᠭᠠᠬᠠᠨ ᠤᠷᠲᠤ᠂ ᠤᠯᠠᠭᠠᠨ ᠬᠦᠷᠡᠩ᠃ ᠡᠨᠡ ᠬᠣᠶᠠᠷ ᠪᠠᠭ ᠴᠡᠴᠡᠭ ᠦ᠋ᠨ ᠬᠣᠭᠣᠷᠣᠨᠳᠣ ᠨᠢ ᠴᠡᠴᠡᠭ ᠦᠭᠡᠢ ᠠᠯᠤᠰᠯᠠᠭᠤᠯᠬᠤ ᠬᠡᠰᠡᠭ ᠦᠭᠡᠢ᠃ ᠵᠢᠮᠢᠰ ᠦ᠋ᠨ ᠲᠦᠷᠦᠭᠦᠦ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠬᠦᠷᠡᠩ ᠥᠩᠭᠡᠲᠡᠢ᠃ ᠵᠢᠵᠢᠭ ᠬᠠᠲᠠᠭᠤ ᠵᠢᠮᠢᠰ ᠨᠢ ᠤᠷᠲᠤ ᠪᠠᠷᠢᠭᠤᠯ ᠲᠠᠢ ᠪᠥᠭᠡᠳ ᠣᠯᠠᠨ ᠴᠠᠭᠠᠨ ᠦᠰᠦ ᠲᠡᠢ᠃ ᠤᠰᠤᠨ ᠤ᠋ ᠤᠷᠭᠤᠮᠠᠯ᠃
       ᠭᠣᠣᠯ᠂ ᠨᠠᠭᠤᠷ ᠤ᠋ᠨ ᠬᠥᠪᠡᠭᠡ ᠬᠢᠭᠡᠳ ᠭᠦᠢᠬᠡᠨ ᠤᠰᠤᠲᠤ ᠨᠠᠮᠤᠭ ᠭᠠᠵᠠᠷ ᠤᠷᠭᠤᠨ᠎ᠠ᠃
       ᠮᠠᠨ ᠤ᠋ ᠤᠯᠤᠰ ᠤ᠋ᠨ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠱᠠᠨ ᠰᠢ᠂ ᠾᠧᠨᠠᠨ᠂ ᠾᠧᠪᠧᠢ᠂ ᠱᠠᠨᠰᠢ᠂ ᠰᠢᠨᠵᠢᠶᠠᠩ᠂ ᠰᠧᠴᠤᠸᠠᠨ᠂ ᠬᠤᠪᠧᠢ ᠵᠡᠷᠭᠡ ᠮᠣᠵᠢ ᠣᠷᠣᠨ ᠳ᠋ᠤ᠌ ᠪᠦᠷ ᠤᠷᠭᠤᠳᠠᠭ᠃
        ᠨᠠᠪᠴᠢ ᠪᠠᠷ ᠨᠢ ᠴᠢᠬᠢᠷᠰᠦ ᠬᠦᠷᠦᠬᠦ ᠪᠤᠶᠤ ᠡᠪᠡᠰᠦᠨ ᠳᠡᠭᠡᠰᠦ ᠲᠠᠮᠤᠨ᠎ᠠ᠃ ᠴᠡᠴᠡᠭ ᠦ᠋ᠨ ᠲᠣᠭᠣᠰᠣ ᠨᠢ ᠡᠮ ᠳ᠋ᠦ᠍ ᠣᠷᠣᠨ᠎ᠠ᠃ ᠨᠢᠯᠬ᠎ᠠ ᠴᠢᠬᠢ᠂ ᠰᠠᠯᠠᠭ᠎ᠠ ᠬᠢᠭᠡᠳ ᠦᠨᠳᠦᠰᠦ ᠪᠡᠷ ᠨᠢ ᠪᠣᠷᠳᠣᠭ᠎ᠠ ᠬᠢᠨ᠎ᠡ᠃ ᠪᠠᠰᠠ ᠴᠠᠭᠠᠰᠤ ᠬᠢᠵᠦ ᠪᠣᠯᠤᠨ᠎ᠠ᠃
        ᠬᠢᠲᠠᠳ ᠨᠡᠷ᠎ᠡ᠄宽叶香蒲
        ᠠᠩᠭ᠌ᠯᠢ ᠨᠡᠷ᠎ᠡ᠄Typha latifolia L.

            ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
            ᠬᠢᠨᠠᠭᠴᠢ᠄ ᠫᠣ· ᠴᠠᠭᠠᠨ