ᠬᠥᠭᠵᠢᠮ ᠦᠨ ᠡᠭᠡᠰᠢᠭ-ᠪ ᠨᠠᠷᠠᠨᠴᠣᠭᠲᠤNarantsogt - Hogjmiin egshig Б.Наранцогт - Хөгжмийн эгшиг
ᠬᠥᠭᠵᠢᠮ ᠦ᠋ᠨ ᠡᠭᠡᠰᠢᠭ
ᠰᠢᠯᠦᠭ᠄ ᠴ· ᠪᠠᠲᠤᠴᠢᠯᠠᠭᠤᠨ
ᠠᠶᠠᠯᠭᠤ᠄ ᠪ ᠂ ᠲᠡᠮᠦᠷᠬᠦᠦ
ᠳᠠᠭᠤᠴᠢᠨ᠄ ᠪ ᠨᠠᠷᠠᠨᠴᠣᠭᠲᠤ
ᠢᠷᠠᠭᠤ ᠲᠤᠩᠭᠠᠯᠠᠭ ᠠᠢᠵᠠᠮ ᠢ᠋ᠶ᠋ᠠᠷ ᠪᠠᠶᠠᠨ
ᠶᠠᠲᠤᠭ᠎ᠠ ᠬᠥᠭᠵᠢᠮ ᠦ᠋ᠨ ᠠᠶᠠᠯᠭᠤᠲᠤ ᠴᠢᠪᠬᠠᠳᠠᠰᠤ
ᠢᠨᠠᠭ ᠬᠣᠣᠰ ᠤ᠋ᠨ ᠰᠢᠨ᠎ᠡ ᠠᠮᠢᠳᠤᠷᠠᠯ ᠳ᠋ᠤ᠌
ᠢᠷᠭᠤᠢ ᠴᠡᠴᠡᠭ ᠬᠠᠪᠤᠷ ᠲᠤ ᠪᠠᠨ ᠳᠡᠯᠭᠡᠷᠡᠯ᠎ᠡ
ᠢᠨᠠᠭ ᠬᠣᠣᠰ ᠤ᠋ᠨ ᠰᠢᠨ᠎ᠡ ᠠᠮᠢᠳᠤᠷᠠᠯ ᠳ᠋ᠤ᠌
ᠢᠷᠭᠤᠢ ᠴᠡᠴᠡᠭ ᠬᠠᠪᠤᠷ ᠲᠤ ᠪᠠᠨ ᠳᠡᠯᠭᠡᠷᠡᠯ᠎ᠡ
ᠬᠦᠰᠡᠯ ᠮᠥᠷᠥᠭᠡᠳᠦᠯ ᠤᠳᠬ᠎ᠠ ᠪᠠᠷ ᠲᠠᠩᠰᠤᠭ
ᠤᠲᠠᠰᠤᠨ ᠯᠢᠩᠪᠦᠨ ᠦ᠌ ᠴᠡᠭᠡᠯᠬᠡᠨ ᠡᠬᠡᠰᠢᠭ
ᠬᠥᠪᠴᠢ ᠪᠠᠢᠭᠠᠯᠢ ᠶ᠋ᠢᠨ ᠭᠤᠸ᠎ᠠ ᠦᠵᠡᠰᠬᠦᠯᠡᠩ ᠢ᠋
ᠬᠥᠭᠡᠷᠦᠬᠦᠨ ᠡᠷᠪᠡᠬᠡᠢ ᠰᠣᠯᠣᠩᠭ᠎ᠠ ᠲᠠᠢ ᠴᠢᠮᠡᠯ᠎ᠡ
ᠬᠥᠪᠴᠢ ᠪᠠᠢᠭᠠᠯᠢ ᠶ᠋ᠢᠨ ᠭᠤᠸ᠎ᠠ ᠦᠵᠡᠰᠬᠦᠯᠡᠩ ᠢ᠋
ᠬᠥᠭᠡᠷᠦᠬᠦᠨ ᠡᠷᠪᠡᠬᠡᠢ ᠰᠣᠯᠣᠩᠭ᠎ᠠ ᠲᠠᠢ ᠴᠢᠮᠡᠯ᠎ᠡ
ᠮᠣᠯᠣᠷ ᠡᠷᠳᠡᠨᠢ ᠶ᠋ᠢᠨ ᠳᠣᠮᠣᠭ ᠢ᠋ᠶ᠋ᠠᠷ ᠳᠦᠭᠦᠷᠡᠩ
ᠮᠣᠷᠢᠨ ᠬᠤᠭᠤᠷ ᠤ᠋ᠨ ᠤᠶᠠᠩᠭᠠᠲᠤ ᠴᠢᠪᠬᠠᠳᠠᠰᠤ
ᠮᠠᠩᠯᠠᠢ ᠬᠦᠯᠦᠭ ᠦ᠋ᠨ ᠴᠣᠮᠪᠣᠩ ᠲᠤᠭᠤᠷᠠᠢ
ᠮᠠᠩᠬᠠᠨ ᠲᠠᠯ᠎ᠠ ᠳ᠋ᠤ᠌ ᠪᠠᠨ ᠬᠤᠷᠳᠤ ᠲᠠᠢ ᠢᠷᠡᠯ᠎ᠡ
ᠮᠠᠩᠯᠠᠢ ᠬᠦᠯᠦᠭ ᠦ᠋ᠨ ᠴᠣᠮᠪᠣᠩ ᠲᠤᠭᠤᠷᠠᠢ
ᠮᠠᠩᠬᠠᠨ ᠲᠠᠯ᠎ᠠ ᠳ᠋ᠤ᠌ ᠪᠠᠨ ᠬᠤᠷᠳᠤ ᠲᠠᠢ ᠢᠷᠡᠯ᠎ᠡ
ᠦᠰᠦᠭ ᠠᠮᠢᠯᠠᠭᠤᠯᠤᠭᠴᠢ᠄ ᠰᠸᠷᠡᠩᠭᠤᠤᠡ
ᠦᠰᠦᠭ ᠬᠠᠲᠠᠭᠴᠢ᠄ ᠰᠸᠷᠡᠩᠭᠤᠤᠡ
ᠬᠢᠨᠠᠭᠴᠢ ᠪᠠᠭᠰᠢ᠄ ᠢᠷᠡᠭᠡᠳᠦᠢ
