ᠵᠡᠭᠡᠰᠦЗэгс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠡᠰᠦЗэгс

ᠵᠡᠭᠡᠰᠦЗэгс

2024-04-13

339

ᠵᠡᠭᠡᠰᠦ (ᠣᠳᠣᠯ ᠡᠪᠡᠰᠦ)

       ᠵᠡᠭᠡᠰᠦ ᠶ᠋ᠢᠨ ᠢᠵᠠᠭᠤᠷ  
       ᠣᠯᠠᠨ ᠨᠠᠰᠤᠲᠤ ᠡᠪᠡᠰᠦᠯᠢᠭ ᠤᠷᠭᠤᠮᠠᠯ᠂80—150cm ᠥᠨᠳᠥᠷ᠃ ᠡᠰᠢ ᠨᠢ ᠰᠠᠯᠠᠭ᠎ᠠ ᠦᠭᠡᠢ᠂ ᠦᠶ᠎ᠡ ᠦᠭᠡᠢ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠨᠠᠷᠢᠨ ᠪᠦᠰᠡ ᠬᠡᠯᠪᠡᠷᠢ ᠲᠡᠢ᠂2—4mm ᠥᠷᠭᠡᠨ᠂ ᠨᠡᠯᠢᠶᠡᠳ ᠤᠷᠲᠤ ᠨᠠᠪᠴᠢᠨ ᠤ᠋ ᠲᠣᠭᠳᠣᠢ ᠲᠠᠢ ᠪᠥᠭᠡᠳ ᠴᠡᠴᠡᠭ ᠦ᠋ᠨ ᠲᠦᠷᠦᠭᠦᠦ ᠡᠴᠡ ᠪᠡᠨ ᠥᠨᠳᠥᠷ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ; ᠡᠷ᠎ᠡ ᠡᠮ᠎ᠡ ᠲᠦᠷᠦᠭᠦᠦ ᠨᠢ ᠬᠣᠭᠣᠷᠣᠨᠳᠣ ᠪᠠᠨ1—6cm ᠵᠠᠢ ᠲᠠᠢ ᠤᠷᠭᠤᠨ᠎ᠠ; ᠡᠷ᠎ᠡ ᠲᠦᠷᠦᠭᠦᠦ ᠨᠢ ᠳᠡᠭᠡᠳᠦ ᠬᠡᠰᠡᠭ ᠲᠦ ᠤᠷᠭᠤᠨ᠎ᠠ᠂ ᠲᠡᠩᠬᠡᠯᠢᠭ ᠨᠢ ᠰᠢᠷᠬᠡᠭ ᠰᠢᠭᠦᠰᠦ ᠲᠡᠢ᠂ ᠡᠮ᠎ᠡ ᠲᠦᠷᠦᠭᠦᠦ ᠨᠢ ᠨᠠᠷᠢᠬᠠᠨ ᠤᠷᠲᠤ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠳᠣᠣᠷᠠᠲᠤ ᠬᠡᠰᠡᠭ ᠲᠤ ᠤᠷᠭᠤᠨ᠎ᠠ᠂3—5cm ᠤᠷᠲᠤ ᠳ᠋ᠢᠶᠠᠮᠧᠲ᠋ᠷ ᠨᠢ0.5—1cm ᠬᠦᠷᠡᠩ ᠥᠩᠭᠡ ᠲᠡᠢ; ᠤᠮᠠᠢ ᠨᠢ ᠪᠡᠶ᠎ᠡ ᠡᠴᠡ ᠪᠡᠨ2—2.5 ᠳᠠᠬᠢᠨ ᠤᠷᠲᠤ ᠪᠠᠷᠢᠭᠤᠯ ᠲᠠᠢ ᠪᠠ ᠪᠠᠷᠢᠭᠤᠯ ᠨᠢ ᠤᠷᠲᠤ ᠦᠰᠦ ᠲᠡᠢ; ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠥᠨᠳᠡᠭᠡᠯᠵᠢᠨ ᠬᠠᠪᠲᠠᠭᠠᠢ ᠲᠡᠪᠡᠨᠡ ᠰᠢᠭ ᠪᠤᠶᠤ ᠬᠠᠪᠲᠠᠭᠠᠢ ᠲᠡᠪᠡᠨᠡ ᠬᠡᠯᠪᠡᠷᠢ ᠲᠡᠢ; ᠡᠮ᠎ᠡ ᠲᠣᠭᠣᠷᠴᠣᠭ ᠤ᠋ᠨ ᠪᠠᠷᠢᠭᠤᠯ ᠤ᠋ᠨ ᠦᠰᠦ ᠨᠢ ᠪᠠᠭᠠᠨ᠎ᠠ ᠶ᠋ᠢᠨ ᠠᠮᠠᠰᠠᠷ ᠠ᠋ᠴᠠ ᠪᠠᠨ ᠣᠬᠣᠷ; ᠬᠥᠭᠵᠢᠯ ᠦᠭᠡᠢ ᠡᠮ᠎ᠡ ᠴᠡᠴᠡᠭ ᠨᠢ ᠦᠰᠦ ᠪᠦᠬᠦᠢ ᠤᠷᠲᠤ ᠪᠠᠷᠢᠭᠤᠯ ᠤ᠋ᠨ ᠣᠷᠣᠢ ᠳ᠋ᠤ᠌ ᠨᠢ ᠤᠷᠭᠤᠨ᠎ᠠ᠂ ᠦᠷᠡᠯᠡᠬᠦ ᠦᠭᠡᠢ ᠤᠮᠠᠢ ᠨᠢ ᠮᠠᠰᠢ ᠲᠣᠮᠣ᠃ ᠵᠢᠮᠢᠰ ᠨᠢ ᠵᠢᠵᠢᠭ ᠬᠠᠲᠠᠭᠤ ᠵᠢᠮᠢᠰ᠂ ᠣᠷᠣᠢ ᠳ᠋ᠤ᠌ ᠨᠢ ᠥᠨᠢᠳᠡ ᠣᠷᠣᠰᠢᠬᠤ ᠴᠡᠴᠡᠭ ᠦ᠋ᠨ ᠪᠠᠭᠠᠨ᠎ᠠ ᠲᠠᠢ᠃ ᠭᠣᠣᠯ ᠴᠥᠭᠥᠷᠥᠮ ᠦ᠋ᠨ ᠬᠥᠪᠡᠭᠡ ᠪᠤᠶᠤ ᠭᠣᠣᠯ ᠤ᠋ᠨ ᠬᠣᠶᠠᠷ ᠬᠥᠪᠡᠭᠡ ᠶ᠋ᠢᠨ ᠴᠢᠭᠢᠭᠲᠡᠢ ᠭᠠᠵᠠᠷ ᠬᠢᠭᠡᠳ ᠨᠠᠮᠤᠭ ᠲᠤ ᠤᠷᠭᠤᠨ᠎ᠠ᠃

       ᠮᠠᠨ ᠤ᠋ ᠤᠯᠤᠰ ᠤ᠋ᠨ ᠥᠪᠥᠷ ᠮᠣᠩᠭᠣᠯ᠂ ᠬᠠᠷᠠᠮᠦ᠋ᠷᠡᠨ᠂ ᠬᠢᠷᠢᠨ᠂ ᠯᠢᠶᠣᠤᠨᠢᠩ᠂ ᠾᠧᠪᠧᠢ᠂ ᠱᠠᠨ ᠰᠢ᠂ ᠱᠠᠨᠰᠢ᠂ ᠭᠠᠨᠰᠦ᠂ ᠬᠥᠬᠡᠨᠠᠭᠤᠷ᠂ ᠨᠢᠩᠰᠢᠶᠠ᠂ ᠰᠢᠨᠵᠢᠶᠠᠩ ᠵᠡᠷᠭᠡ ᠮᠣᠵᠢ ᠣᠷᠣᠨ ᠳ᠋ᠤ᠌ ᠤᠷᠭᠤᠳᠠᠭ᠃

       ᠨᠠᠪᠴᠢ ᠪᠠᠷ ᠨᠢ ᠴᠢᠬᠢᠷᠰᠦ᠂ ᠳᠡᠪᠢᠰᠬᠡᠷ ᠬᠦᠷᠦᠵᠦ ᠪᠣᠯᠬᠤ ᠠ᠋ᠴᠠ ᠭᠠᠳᠠᠨ᠎ᠠ ᠳᠡᠭᠡᠰᠦ ᠪᠠᠰᠠ ᠲᠠᠮᠤᠵᠤ ᠪᠣᠯᠤᠨ᠎ᠠ᠃ ᠣᠳᠣᠯ ᠢ᠋ ᠨᠢ ᠳᠡᠷ᠎ᠡ ᠳ᠋ᠦ᠍ ᠬᠢᠨ᠎ᠡ᠃ ᠴᠡᠴᠡᠭ ᠦ᠋ᠨ ᠲᠣᠭᠣᠰᠣ ᠨᠢ ᠡᠮ ᠳ᠋ᠦ᠍ ᠣᠷᠣᠨ᠎ᠠ᠃

       ᠬᠢᠲᠠᠳ ᠨᠡᠷ᠎ᠡ᠄蒙古香蒲 
       ᠠᠩᠭ᠌ᠯᠢ ᠨᠡᠷ᠎ᠡ᠄Typha davidiana (Kronf.)Hana.—Mazz

       ᠦᠰᠦᠭ ᠠᠮᠢᠯᠠᠭᠤᠯᠤᠭᠴᠢ᠄ ᠣ ᠰᠡᠴᠡᠨᠲᠦ 
       ᠬᠢᠨᠠᠭᠴᠢ᠄ ᠲᠤᠶᠠᠭ᠎ᠠ