ᠵᠡᠭᠡᠷ᠎ᠡ ᠣᠯᠠᠨ ᠪᠣᠯᠣᠭᠠᠰᠠᠢ – ᠴᠣ ᠂ ᠣᠷᠱᠤᠨ Зээр олон болоосой – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠡᠷ᠎ᠡ ᠣᠯᠠᠨ ᠪᠣᠯᠣᠭᠠᠰᠠᠢ – ᠴᠣ ᠂ ᠣᠷᠱᠤᠨ Зээр олон болоосой – Чо ᠂ Оршин

ᠵᠡᠭᠡᠷ᠎ᠡ ᠣᠯᠠᠨ ᠪᠣᠯᠣᠭᠠᠰᠠᠢ – ᠴᠣ ᠂ ᠣᠷᠱᠤᠨ Зээр олон болоосой – Чо ᠂ Оршин

2024-04-12

285

ᠵᠡᠭᠡᠷ᠎ᠡ ᠣᠯᠠᠨ ᠪᠣᠯᠣᠭᠠᠰᠠᠢ


 ᠵᠡᠷᠭᠡᠯᠭᠡᠨ ᠬᠥᠪᠦᠭᠰᠡᠨ ᠲᠠᠯ᠎ᠠ ᠶ᠋ᠢᠨ ᠡᠪᠦᠷ ᠲᠤ
 ᠵᠡᠭᠡᠷ᠎ᠡ᠂ ᠮᠠᠯ ᠤ᠋ᠨ ᠵᠠᠶᠠᠭ᠎ᠠ ᠬᠠᠨᠢᠰᠠᠳᠠᠭ ᠶᠤᠮ 
 ᠵᠢᠩᠬᠢᠨᠢ ᠬᠠᠢᠷ᠎ᠠ ᠶ᠋ᠢᠨ ᠠᠷᠢᠭᠤᠨ ᠬᠡᠰᠢᠭ ᠲᠤ 
 ᠵᠢᠷ ᠦ᠋ᠨ ᠮᠠᠯᠴᠢᠳ ᠰᠡᠳᠬᠢᠯ ᠢᠵᠢᠯᠢᠰᠢᠳᠡᠭ ᠶᠦᠮ 
 ᠬᠥᠳᠡᠭᠡ ᠶ᠋ᠢᠨ ᠴᠠᠬᠢᠯᠤᠭᠰᠠᠨ ᠪᠡᠯᠴᠢᠭᠡᠷ ᠲᠤ
 ᠬᠥᠮᠦᠨ ᠮᠠᠯ ᠤ᠋ᠨ ᠠᠮᠢᠰᠬᠤᠭ᠎ᠠ ᠴᠢᠩᠨᠠᠨ 
 ᠬᠣᠨᠢ ᠲᠠᠢ ᠠᠢᠯ ᠤ᠋ᠨ ᠬᠠᠰᠢᠶᠠᠨ ᠳ᠋ᠤ᠌ ᠣᠷᠣᠮᠠᠷ 
 ᠬᠣᠷᠭᠣᠳᠠᠨ ᠪᠡᠯᠴᠢᠳᠡᠭ ᠵᠡᠭᠡᠷ᠎ᠡ ᠶ᠋ᠢᠨ ᠰᠦᠷᠦᠭ 
 ᠬᠣᠩᠬᠢᠶ᠎ᠠ ᠰᠤᠮᠤᠨ ᠤ᠋ ᠢᠰᠬᠡᠷᠦᠭᠡᠨ ᠳ᠋ᠦ᠍ 
 ᠰᠠᠷᠨᠢᠵᠤ ᠤᠨᠠᠨ᠎ᠠ  ᠠ᠋᠃ 
 ᠠᠢ᠂ ᠡᠬᠡ ᠳᠡᠯᠡᠬᠡᠢ ᠶ᠋ᠢᠨ ᠳᠠᠷᠬᠠᠨ ᠰᠦᠷᠦᠭ 
 ᠠᠮᠢ ᠠᠮᠢᠵᠢᠷᠠᠯ ᠤ᠋ᠨ ᠡᠩᠬᠡ ᠶ᠋ᠢᠨ ᠪᠦᠪᠡᠢ 
 ᠠᠭᠠᠰᠢ ᠨᠢ ᠰᠣᠳᠣᠨ ᠬᠥᠮᠦᠨ ᠡᠯᠢᠭᠡᠲᠡᠢ 
 ᠠᠲᠠᠷᠬᠠᠨ ᠮᠢᠩᠭᠠᠨ ᠵᠡᠭᠡᠷ᠎ᠡ ᠨᠦ᠍ᠭᠦᠳ ᠮᠢᠨᠢ 
 ᠠᠴᠢ ᠶ᠋ᠢᠨ ᠮᠢᠨᠢ ᠴᠠᠭ ᠲᠤ ᠣᠯᠠᠨ ᠪᠣᠯᠤᠭᠠᠰᠠᠢ! 

 ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 03 30