ᠰᠠᠢᠬᠠᠨ ᠴᠤ᠌ ᠶᠤᠮ ᠳᠠ ᠮᠣᠩᠭᠣᠯ ᠬᠥᠮᠦᠨ ᠪᠣᠯᠵᠤ ᠲᠥᠷᠥᠬᠦ-ᠨ∙ ᠤᠨᠳᠤᠷᠤᠯН.Ундрал МУСТА-Сайхан ч юмдаа монгол хүн болж төрөх. L Undral-Saihan ch yumdaa mongol hun bolj turuh ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠴᠤ᠌ ᠶᠤᠮ ᠳᠠ ᠮᠣᠩᠭᠣᠯ ᠬᠥᠮᠦᠨ ᠪᠣᠯᠵᠤ ᠲᠥᠷᠥᠬᠦ-ᠨ∙ ᠤᠨᠳᠤᠷᠤᠯН.Ундрал МУСТА-Сайхан ч юмдаа монгол хүн болж төрөх. L Undral-Saihan ch yumdaa mongol hun bolj turuh

ᠰᠠᠢᠬᠠᠨ ᠴᠤ᠌ ᠶᠤᠮ ᠳᠠ ᠮᠣᠩᠭᠣᠯ ᠬᠥᠮᠦᠨ ᠪᠣᠯᠵᠤ ᠲᠥᠷᠥᠬᠦ-ᠨ∙ ᠤᠨᠳᠤᠷᠤᠯН.Ундрал МУСТА-Сайхан ч юмдаа монгол хүн болж төрөх. L Undral-Saihan ch yumdaa mongol hun bolj turuh

ᠠᠩᠭᠢᠯᠠᠯ:ᠳᠠᠭᠤᠤ ᠬᠥᠭᠵᠢᠮ
2024-04-12

3534

ᠰᠠᠢᠬᠠᠨ ᠴᠤ᠌ ᠶᠤᠮ ᠳᠠ᠂ᠮᠣᠩᠭᠣᠯ ᠬᠥᠮᠦᠨ ᠪᠣᠯᠵᠤ ᠲᠥᠷᠥᠬᠦ

   ᠦᠭᠡ᠄ ᠱ᠂ ᠭᠦᠷᠦᠪᠠᠽᠠᠷ 
   ᠠᠶ᠎ᠠ᠄ ᠴᠢᠩ᠂ ᠡᠷᠳᠡᠨᠢᠪᠠᠲᠤ 
   ᠳᠠᠭᠤᠴᠢᠨ᠄ ᠨ᠂ ᠣᠨᠳᠣᠷᠣᠯ 
ᠰᠢᠪᠠᠭᠤᠳ ᠤ᠋ᠨ ᠴᠤᠪᠤᠭ᠎ᠠ ᠶ᠋ᠢ ᠨᠢ ᠲᠣᠭᠠᠯᠠᠳᠠᠭ ᠦᠭᠡᠢ ᠬᠥᠬᠡ ᠲᠩᠷᠢ ᠳ᠋ᠦ᠍ ᠪᠡᠨ 
ᠰᠢᠭᠤᠷᠭᠠᠨ ᠳ᠋ᠤ᠌ ᠨᠢ ᠵᠠᠩᠳᠤᠷᠤᠭᠤᠯᠵᠤ ᠰᠡᠪᠰᠢᠭᠡᠨ ᠳ᠋ᠦ᠍ ᠨᠢ ᠦᠨᠦᠰᠦᠭᠦᠯᠳᠡᠭ ᠬᠥᠬᠡ ᠰᠠᠯᠬᠢ ᠲᠠᠢ 
ᠵᠢᠷᠦᠬᠡᠨ ᠴᠠᠭᠠᠨ᠎ᠠ ᠪᠠᠨ ᠴᠤ᠌ ᠬᠠᠢᠷᠠᠯᠠᠭᠠᠳ ᠶᠠᠪᠤᠳᠠᠭ 
ᠵᠡᠭᠦᠳᠦᠨ ᠴᠠᠭᠠᠨ᠎ᠠ ᠪᠠᠨ ᠴᠤ᠌ ᠢᠷᠡᠭᠡᠳ ᠪᠠᠢᠳᠠᠭ 
ᠰᠠᠢᠬᠠᠨ ᠴᠤ᠌ ᠶᠤᠮ ᠳᠠ᠂
ᠮᠣᠩᠭᠣᠯ ᠬᠥᠮᠦᠨ ᠪᠣᠯᠵᠤ ᠲᠥᠷᠥᠬᠦ 
ᠰᠠᠢᠬᠠᠨ ᠴᠤ᠌ ᠶᠤᠮ ᠳᠠ᠂
ᠮᠣᠩᠭᠣᠯ ᠮᠢᠨᠢ ᠭᠡᠵᠦ ᠳᠠᠭᠤᠯᠠᠬᠤ
ᠡᠢᠮᠦ ᠯᠡ ᠰᠠᠢᠬᠠᠨ ᠡᠬᠡ ᠣᠷᠣᠨ ᠲᠠᠢ
ᠮᠣᠷᠢ ᠲᠠᠢ ᠪᠠᠨ ᠶᠥᠷᠭᠡᠵᠦ ᠪᠠᠷᠠᠳᠠᠭ ᠦᠭᠡᠢ ᠳᠡᠯᠭᠡᠷ ᠨᠤᠲᠤᠭ ᠲᠠᠢ
ᠮᠥᠰᠥᠨ ᠳ᠋ᠦ᠍ ᠨᠢ ᠬᠠᠢᠯᠤᠭᠤᠯᠵᠤ ᠴᠡᠴᠡᠭ  ᠲᠦ᠋ᠨᠢ ᠢᠯᠪᠢᠭᠦᠯᠳᠡᠭ
ᠳᠡᠯᠡᠬᠡᠢ ᠪᠤᠶᠠᠨ ᠲᠠᠢ
ᠠᠭᠤᠯᠠ ᠨᠢ ᠴᠠᠭᠠᠨ᠎ᠠ ᠪᠠᠨ ᠴᠤ᠌ ᠦᠭᠡᠢᠯᠡᠭᠡᠳ ᠪᠠᠢᠳᠠᠭ
ᠤᠬᠠᠭᠠᠨ ᠴᠠᠭᠠᠨ᠎ᠠ ᠪᠠᠨ ᠴᠤ᠌ ᠰᠦᠰᠦᠭᠯᠡᠭᠡᠳ ᠨᠠᠰᠤᠯᠠᠳᠠᠭ
ᠰᠠᠢᠬᠠᠨ ᠴᠤ᠌ ᠶᠤᠮ ᠳᠠ᠂
ᠮᠣᠩᠭᠣᠯ ᠬᠥᠮᠦᠨ ᠪᠣᠯᠵᠤ ᠲᠥᠷᠥᠬᠦ
ᠰᠠᠢᠬᠠᠨ ᠴᠤ᠌ ᠶᠤᠮ ᠳᠠ᠂
ᠮᠣᠩᠭᠣᠯ ᠮᠢᠨᠢ ᠭᠡᠵᠦ ᠳᠠᠭᠤᠯᠠᠬᠤ
ᠡᠢᠮᠦ ᠯᠡ ᠰᠠᠢᠬᠠᠨ ᠡᠬᠡ ᠣᠷᠣᠨ ᠲᠠᠢ
ᠲᠤᠯᠤᠭᠠᠳ ᠤ᠋ᠨ ᠨᠠᠮᠬᠠᠨ ᠳ᠋ᠤ᠌ ᠠᠳᠠᠯᠠᠳᠠᠭ ᠦᠭᠡᠢ ᠭᠠᠵᠠᠷ ᠤ᠋ᠨ ᠰᠦᠰᠦᠭ ᠲᠡᠢ
ᠲᠥᠷᠥᠭᠰᠡᠨ ᠳ᠋ᠦ᠍ ᠪᠡᠨ ᠵᠠᠯᠪᠠᠷᠢᠵᠤ ᠵᠠᠶᠠᠭᠠᠨ ᠳ᠋ᠤ᠌ ᠪᠠᠨ ᠪᠠᠶᠠᠷᠯᠠᠳᠠᠭ ᠶᠡᠬᠡ ᠪᠤᠶᠠᠨ ᠲᠠᠢ
ᠨᠠᠷᠠ ᠨᠢ ᠴᠠᠭᠠᠨ᠎ᠠ ᠪᠠᠨ ᠴᠤ᠌ ᠦᠭᠡᠢᠯᠡᠭᠡᠳ ᠵᠢᠷᠭᠠᠳᠠᠭ
ᠨᠠᠰᠤᠯᠠᠬᠤ ᠶ᠋ᠢᠨ ᠴᠠᠭᠠᠨ᠎ᠠ ᠪᠠᠨ ᠴᠤ᠌ ᠡᠷᠭᠢᠭᠡᠳ ᠲᠥᠷᠥᠳᠡᠭ
ᠰᠠᠢᠬᠠᠨ ᠴᠤ᠌ ᠶᠤᠮ ᠳᠠ᠂ ᠮᠣᠩᠭᠣᠯ ᠬᠥᠮᠦᠨ ᠪᠣᠯᠵᠤ ᠲᠥᠷᠥᠬᠦ
ᠰᠠᠢᠬᠠᠨ ᠴᠤ᠌ ᠶᠤᠮ ᠳᠠ᠂ ᠮᠣᠩᠭᠣᠯ ᠮᠢᠨᠢ ᠭᠡᠵᠦ ᠳᠠᠭᠤᠯᠠᠬᠤ
ᠡᠢᠮᠦ ᠯᠡ ᠰᠠᠢᠬᠠᠨ ᠡᠬᠡ ᠣᠷᠣᠨ ᠲᠠᠢ
ᠵᠢᠷᠦᠬᠡᠨ ᠴᠠᠭᠠᠨ᠎ᠠ ᠪᠠᠨ ᠴᠤ᠌ ᠬᠠᠢᠷᠠᠯᠠᠭᠠᠳ ᠶᠠᠪᠤᠳᠠᠭ
ᠵᠡᠭᠦᠳᠦᠨ ᠴᠠᠭᠠᠨ᠎ᠠ ᠪᠠᠨ ᠴᠤ᠌ ᠢᠷᠡᠭᠡᠳ ᠪᠠᠢᠳᠠᠭ
ᠡᠢᠮᠦ ᠯᠡ ᠰᠠᠢᠬᠠᠨ ᠡᠬᠡ ᠣᠷᠣᠨ ᠲᠠᠢ
ᠰᠠᠢᠬᠠᠨ ᠴᠤ᠌ ᠶᠤᠮ ᠳᠠ᠂ ᠮᠣᠩᠭᠣᠯ ᠬᠥᠮᠦᠨ ᠪᠣᠯᠵᠤ ᠲᠥᠷᠥᠬᠦ
ᠰᠠᠢᠬᠠᠨ ᠴᠤ᠌ ᠶᠤᠮ ᠳᠠ᠂ ᠮᠣᠩᠭᠣᠯ ᠮᠢᠨᠢ ᠭᠡᠵᠦ ᠳᠠᠭᠤᠯᠠᠬᠤ
ᠰᠠᠢᠬᠠᠨ ᠴᠤ᠌ ᠶᠤᠮ ᠳᠠ᠂ ᠮᠣᠩᠭᠣᠯ ᠬᠥᠮᠦᠨ ᠪᠣᠯᠵᠤ ᠲᠥᠷᠥᠬᠦ
   ᠦᠰᠦᠭ ᠠᠮᠢᠯᠠᠭᠤᠯᠤᠭᠴᠢ᠄ ᠣᠳᠬᠣᠨᠴᠡᠴᠡᠭ
   ᠦᠰᠦᠭ ᠬᠠᠲᠠᠭᠴᠢ᠄ ᠣᠳᠬᠣᠨᠴᠡᠴᠡᠭ
   ᠬᠢᠨᠠᠭᠴᠢ᠄ ᠳᠠᠪᠰᠢᠯᠳᠤ᠂ ᠣᠳᠬᠠᠠᠰᠤ᠎ᠠ