ᠨᠠᠷᠢᠨ ᠵᠡᠭᠡᠰᠦНарийн зэгс

ᠨᠠᠷᠢᠨ ᠵᠡᠭᠡᠰᠦ (ᠮᠣᠷᠢᠨ ᠵᠡᠭᠡᠰᠦ)
ᠵᠡᠭᠡᠰᠦ ᠶ᠋ᠢᠨ ᠢᠵᠠᠭᠤᠷ
ᠨᠠᠮᠤᠭ ᠲᠤ ᠤᠷᠭᠤᠬᠤ
ᠣᠯᠠᠨ ᠨᠠᠰᠤᠲᠤ ᠡᠪᠡᠰᠦᠯᠢᠭ ᠤᠷᠭᠤᠮᠠᠯ᠂1—4m ᠥᠨᠳᠥᠷ᠃ ᠡᠰᠢ ᠨᠢ ᠰᠢᠯᠤᠭᠤᠨ᠂ ᠴᠣᠯ ᠴᠠᠭᠠᠨ ᠭᠣᠣᠯ ᠲᠠᠢ᠃ ᠨᠠᠪᠴᠢ ᠨᠢ ᠪᠦᠰᠡ ᠬᠡᠯᠪᠡᠷᠢ ᠲᠡᠢ᠂ ᠬᠣᠶᠠᠷ ᠮᠥᠷᠯᠡᠨ ᠴᠤᠪᠤᠷᠠᠵᠤ ᠤᠷᠭᠤᠨ᠎ᠠ᠂4—10mm ᠥᠷᠭᠡᠨ᠂ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠨᠠᠪᠴᠢᠨ ᠤ᠋ ᠴᠢᠬᠢ ᠲᠡᠢ᠂ ᠲᠣᠷᠭᠠᠨ ᠬᠠᠯᠢᠰᠤᠯᠢᠭ ᠬᠥᠪᠡᠭᠡ ᠲᠡᠢ᠃ ᠪᠠᠭ ᠴᠡᠴᠡᠭ ᠨᠢ ᠭᠦᠨ ᠬᠦᠷᠡᠩ ᠪᠥᠭᠡᠳ ᠪᠥᠭᠡᠷᠡᠩᠬᠡᠢ ᠪᠠᠭᠠᠨ᠎ᠠ ᠬᠡᠯᠪᠡᠷᠢ ᠲᠡᠢ᠃ ᠡᠷ᠎ᠡ ᠡᠮ᠎ᠡ ᠪᠠᠭ ᠴᠡᠴᠡᠭ ᠦ᠋ᠨ ᠲᠦᠷᠦᠭᠦᠦ ᠶ᠋ᠢᠨ ᠬᠣᠭᠣᠷᠣᠨᠳᠣᠬᠢ ᠵᠠᠢ ᠨᠢ ᠶᠡᠷᠦ ᠳ᠋ᠡᠭᠡᠨ0.5—3cm ᠤᠷᠲᠤ ᠲᠤᠯᠠ ᠬᠣᠶᠠᠷ ᠲᠦᠷᠦᠭᠦᠦ ᠶ᠋ᠢ ᠨᠡᠯᠢᠶᠡᠳ ᠬᠣᠯᠠ ᠰᠠᠯᠭᠠᠵᠤ ᠪᠣᠢ᠃ ᠡᠷ᠎ᠡ ᠪᠠᠭ ᠴᠡᠴᠡᠭ ᠨᠢ ᠡᠮ᠎ᠡ ᠪᠠᠭ ᠴᠡᠴᠡᠭ ᠦ᠋ᠨ ᠢ᠋ᠶ᠋ᠡᠨ ᠳᠡᠭᠡᠳᠦ ᠬᠡᠰᠡᠭ ᠲᠤ ᠤᠷᠭᠤᠨ ᠮᠠᠰᠢ ᠨᠠᠷᠢᠨ ᠪᠥᠭᠡᠳ ᠡᠷᠲᠡ ᠤᠨᠠᠳᠠᠭ ᠣᠬᠣᠷ ᠲᠦᠷᠦᠭᠦᠪᠴᠢ ᠰᠢᠭ ᠪᠠᠭᠯᠠᠭᠴᠢ ᠲᠠᠢ᠃ ᠲᠣᠭᠣᠰᠣᠪᠴᠢ ᠨᠢ ᠰᠠᠯᠠᠭ᠎ᠠ ᠲᠠᠢ ᠳᠣᠬᠢᠭᠤᠷ ᠤ᠋ᠨ ᠣᠷᠣᠢ ᠳ᠋ᠤ᠌2—3 ᠪᠠᠷ ᠪᠠᠭᠯᠠᠷᠠᠨ ᠤᠷᠭᠤᠨ᠎ᠠ᠁ ᠡᠮ᠎ᠡ ᠪᠠᠭ ᠴᠡᠴᠡᠭ ᠨᠢ ᠲᠣᠣᠷᠲᠤ ᠬᠡᠰᠡᠭ ᠲᠦ ᠤᠷᠭᠤᠨ᠎ᠠ᠂8—20cm ᠤᠷᠲᠤ᠂ ᠭᠦᠨ ᠬᠦᠷᠡᠩ ᠪᠣᠷᠣ ᠤᠯᠠᠪᠲᠤᠷ ᠬᠦᠷᠡᠩ᠂ ᠬᠠᠷᠠᠪᠲᠤᠷ ᠬᠦᠷᠡᠩ ᠵᠢᠵᠢᠭ ᠪᠠᠭᠯᠠᠭᠴᠢ ᠲᠠᠢ᠃ ᠦᠷᠡᠯᠡᠬᠦ ᠴᠡᠴᠡᠭ ᠨᠢ ᠤᠷᠲᠤ ᠦᠰᠦᠲᠦ ᠪᠠᠷᠢᠭᠤᠯ ᠲᠠᠢ᠂ ᠨᠠᠷᠢᠬᠠᠨ ᠤᠷᠲᠤ ᠭᠦᠨ ᠬᠦᠷᠡᠩ ᠴᠡᠴᠡᠭ ᠦ᠋ᠨ ᠪᠠᠭᠠᠨ᠎ᠠ ᠲᠠᠢ ᠪᠠ ᠪᠠᠭᠠᠨ᠎ᠠ ᠶ᠋ᠢᠨ ᠠᠮᠠᠰᠠᠷ ᠨᠢ ᠪᠦᠰᠡᠯᠢᠭ ᠪᠤᠶᠤ ᠪᠦᠰᠡᠯᠢᠭ ᠤᠷᠲᠤᠯᠵᠢᠨ ᠲᠣᠭᠣᠷᠢᠭ᠃ ᠦᠷᠡᠯᠡᠬᠦ ᠦᠭᠡᠢ ᠴᠡᠴᠡᠭ ᠦ᠋ᠨ ᠬᠥᠭᠵᠢᠯ ᠦᠭᠡᠢ ᠤᠮᠠᠢ ᠨᠢ ᠥᠷᠭᠡᠨ ᠪᠥᠭᠡᠳ ᠬᠠᠪᠲᠠᠭᠠᠢ᠂ ᠣᠷᠣᠢ ᠳ᠋ᠤᠨᠢ ᠳᠣᠷᠣᠢᠲᠠᠭᠰᠠᠨ ᠴᠡᠴᠡᠭ ᠦ᠋ᠨ ᠪᠠᠭᠠᠨ᠎ᠠ ᠪᠣᠢ᠃ ᠵᠢᠮᠢᠰ ᠨᠢ ᠵᠢᠵᠢᠭ ᠬᠠᠲᠠᠭᠤ ᠵᠢᠮᠢᠰ᠂ ᠣᠷᠣᠢ ᠳ᠋ᠤᠨᠢ ᠮᠥᠩᠬᠡ ᠣᠷᠣᠰᠢᠬᠤ ᠴᠡᠴᠡᠭ ᠦ᠋ᠨ ᠪᠠᠭᠠᠨ᠎ᠠ ᠲᠠᠢ ᠃
ᠨᠠᠭᠤᠷ ᠤᠨ ᠬᠥᠪᠡᠭᠡ᠂ ᠨᠠᠮᠤᠭ ᠭᠠᠵᠠᠷ ᠪᠤᠶᠤ ᠭᠦᠢᠬᠡᠨ ᠨᠠᠭᠤᠷ ᠴᠥᠬᠥᠷᠡᠮ ᠦ᠋ᠨ ᠤᠰᠤᠨ ᠳ᠋ᠤ᠌ ᠤᠷᠭᠤᠨ᠎ᠠ᠃
ᠮᠠᠨ ᠤ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠴᠡᠴᠡᠭ ᠦᠨ ᠲᠣᠭᠣᠰᠣ ᠨᠢ ᠡᠮ ᠳ᠋ᠦ᠍ ᠣᠷᠣᠨ᠎ᠠ᠃ ᠨᠠᠪᠴᠢ᠂ ᠡᠰᠢ ᠶ᠋ᠢ ᠨᠢ ᠡᠪᠡᠰᠦᠨ ᠳᠡᠪᠢᠰᠬᠡᠷ ᠵᠡᠷᠭᠡ ᠬᠥᠷᠥᠬᠦ ᠳ᠋ᠦ᠍ ᠠᠰᠢᠭᠯᠠᠨ᠎ᠠ᠃
ᠬᠢᠲᠠᠳ ᠨᠡᠷ᠎ᠡ᠄狭叶香蒲 (水烛)
ᠠᠩᠭ᠌ᠯᠢ ᠨᠡᠷ᠎ᠡ᠄Typha Angustifolia L.
ᠦᠰᠦᠭ ᠠᠮᠢᠯᠠᠭᠤᠯᠤᠭᠴᠢ᠄ ᠫᠤ· ᠴᠠᠭᠠᠨ
ᠬᠢᠨᠠᠭᠴᠢ᠄ ᠣᠳᠬᠠᠨᠰᠣ᠎ᠠ
