ᠲᠣᠷᠯᠣᠭ – ᠴᠣ ᠂ ᠣᠷᠱᠤᠨ Торлог – Чо ᠂ Оршин
ᠲᠣᠷᠯᠣᠭ
ᠲᠣᠰᠣ ᠭᠡᠭᠴᠢ ᠨᠢ ᠨᠡᠭᠡᠷᠡᠨ
ᠲᠤᠯᠭ᠎ᠠ ᠵᠤᠤᠬᠠᠨ ᠳ᠋ᠤ᠌ ᠬᠢᠪᠡᠯ
ᠬᠥᠷ ᠭᠡᠳ ᠯᠡ ᠨᠣᠴᠣᠨ᠎ᠠ᠃
ᠦᠶ᠎ᠡ ᠮᠥᠴᠢᠷ ᠨᠠᠮᠠᠭ᠎ᠠ ᠳ᠋ᠤ᠌
ᠥᠷᠭᠡᠰᠦ ᠰᠢᠪᠦᠭᠡ ᠪᠠᠢᠬᠤ ᠦᠭᠡᠢ
ᠲᠠᠬᠢᠷ ᠮᠣᠬᠢᠷᠬᠠᠨ ᠣᠷᠭᠣᠭᠠᠳ
ᠲᠠᠯ᠎ᠠ ᠶ᠋ᠢᠨ ᠬᠠᠮᠢᠭ᠎ᠠ ᠴᠤ᠌ ᠪᠠᠢᠳᠠᠭ ᠢ᠋
ᠬᠥᠭᠰᠢᠳ ᠲᠣᠮᠣᠭᠠᠲᠠᠨ ᠠ᠋ᠴᠠ ᠰᠣᠨᠢᠷᠬᠠᠵᠤ
ᠬᠦᠰᠡᠵᠦ ᠯᠠᠪᠯᠠᠨ ᠠᠰᠠᠭᠤᠪᠠᠯ
ᠲᠣᠪᠴᠢ ᠨᠠᠷᠢᠯᠢᠭ ᠦᠭᠡ ᠪᠡᠷ
ᠲᠣᠳᠣᠷᠬᠠᠢ ᠰᠠᠢᠬᠠᠨ ᠬᠡᠯᠡᠬᠦ ᠳ᠋ᠡᠭᠡᠨ
ᠡᠵᠡᠨ ᠴᠢᠩᠭᠢᠰ ᠬᠠᠭᠠᠨ
ᠡᠷᠡᠯᠬᠡᠭ ᠴᠤᠤᠲᠤ ᠴᠡᠷᠢᠭ ᠲᠡᠢ ᠪᠡᠨ
ᠠᠯᠲᠠᠨ ᠳᠡᠯᠡᠬᠡᠢ ᠶ᠋ᠢ ᠰᠤᠨᠳᠠᠯᠠᠨ
ᠠᠶᠠᠯᠠᠨ ᠪᠠᠢᠯᠳᠤᠵᠤ ᠶᠠᠪᠤᠬᠤ ᠳ᠋ᠠᠭᠠᠨ
ᠬᠥᠬᠡ ᠮᠣᠩᠭᠣᠯ ᠣᠷᠣᠨ
ᠬᠥᠯᠥᠨ ᠪᠤᠢᠷ ᠲᠤ ᠢᠷᠡᠭᠡᠳ
ᠲᠣᠷᠯᠣᠭ ᠮᠣᠳᠣᠨ ᠤ᠋ ᠴᠢᠨᠠᠷ ᠢ᠋ᠶ᠋ᠠᠷ
ᠲᠣᠭᠰᠢᠨ ᠪᠠᠭᠠᠲᠤᠷ ᠤ᠋ᠳ ᠢ᠋ᠶ᠋ᠠᠨ ᠰᠤᠷᠭᠠᠨ
《 ᠨᠣᠢᠲᠠᠨ ᠶᠠᠩᠵᠤ ᠪᠠᠷ ᠢ᠋ᠶ᠋ᠠᠨ ᠨᠣᠴᠣᠵᠤ
ᠨᠣᠷᠮ᠎ᠠ ᠢᠯᠴᠢ ᠪᠡᠨ ᠬᠠᠳᠠᠭᠠᠯᠠ》 ᠭᠡᠵᠦ᠂
ᠪᠤᠳᠠᠭ᠎ᠠ ᠰᠠᠴᠤᠵᠤ ᠡᠷᠭᠦᠭᠰᠡᠨ ᠶᠦᠮ ᠭᠡᠨ᠎ᠡ
ᠪᠣᠰᠤᠨ ᠵᠣᠭᠰᠣᠵᠤ ᠥᠭᠦᠯᠡᠭᠰᠡᠨ ᠶᠦᠮ ᠭᠡᠨ᠎ᠡ᠃
ᠲᠣᠷᠯᠣᠭ ᠮᠣᠳᠣᠨ ᠤ᠋ ᠳᠣᠮᠣᠭ
ᠲᠤᠯᠭ᠎ᠠ ᠭᠣᠯᠣᠮᠲᠠ ᠳ᠋ᠤ᠌ ᠣᠴᠢ ᠲᠠᠢ
ᠲᠣᠭᠣᠨᠣᠲᠤ ᠭᠡᠷ ᠦ᠋ᠨ ᠮᠠᠨᠳᠤᠯ ᠳ᠋ᠤ᠌
ᠲᠤᠶᠠᠭ᠎ᠠ ᠲᠠᠲᠠᠭᠰᠠᠨ ᠭᠠᠯ ᠲᠠᠢ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 29
