ᠳᠤᠷᠠᠰᠤᠯ-ᠬᠦᠷᠡᠯᠲᠦᠰᠢ Дурсал-Хүрэлтөш ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠰᠤᠯ-ᠬᠦᠷᠡᠯᠲᠦᠰᠢ Дурсал-Хүрэлтөш

ᠳᠤᠷᠠᠰᠤᠯ-ᠬᠦᠷᠡᠯᠲᠦᠰᠢ Дурсал-Хүрэлтөш

2024-04-11

338

ᠳᠤᠷᠠᠰᠤᠯ

          ᠬᠦᠷᠡᠯᠲᠦᠰᠢ 

ᠶᠢᠷᠲᠢᠨᠴᠦ ᠶ᠋ᠢᠨ ᠬᠥᠮᠦᠨ ᠦ᠌ ᠨᠠᠰᠤᠨ ᠤ᠋ ᠬᠡᠮᠵᠢᠶᠡᠨ ᠳ᠋ᠦ᠍ 
ᠪᠢ ᠭᠤᠨᠢᠶᠠᠬᠤᠨ ᠦᠭᠡᠢ᠂ 
ᠡᠷᠳᠡᠨᠢ ᠬᠡᠯᠬᠢᠵᠦ ᠤᠶᠠᠩᠭ᠎ᠠ ᠪᠦᠲᠦᠭᠡᠬᠦ ᠳ᠋ᠡᠭᠡᠨ 
ᠪᠢ ᠴᠢᠮ᠎ᠠ ᠪᠠᠨ ᠦᠭᠡᠢᠯᠡᠬᠦ ᠶᠦᠮ᠃ 
ᠥᠷᠥᠭᠡᠯ ᠦ᠋ᠨ ᠭᠠᠴᠢᠭᠳᠠᠯ ᠳ᠋ᠤ᠌ ᠦᠨᠡᠨᠴᠢᠷᠬᠡᠨ ᠳᠡᠮᠵᠢᠳᠡᠭ 
ᠴᠢᠨᠦ ᠪᠦᠲᠦᠨ ᠠᠮᠢᠰᠬᠤᠭ᠎ᠠ 
ᠦᠨᠡᠨ ᠮᠥᠰᠥ ᠴᠢᠨᠢ ᠲᠥᠪ ᠭᠣᠣᠯᠴᠢ ᠲᠤᠯᠠ 
ᠶᠠᠷᠢᠶ᠎ᠠ ᠬᠦᠨᠳᠦᠳᠬᠡᠯ ᠦᠯᠡᠮᠵᠢ᠃ 
ᠡᠷᠢᠨ ᠴᠠᠭ ᠤ᠋ᠨ ᠮᠠᠨᠠᠨ ᠰᠢᠭᠤᠷᠭᠠᠨ ᠳ᠋ᠤ᠌ 
ᠢᠷᠠᠭᠤ ᠨᠠᠢᠷᠠᠭᠴᠢᠳ ᠢ᠋ᠶ᠋ᠠᠨ ᠬᠥᠬᠢᠭᠡᠭᠡᠳ 
ᠡᠷᠬᠢᠮ ᠬᠠᠨᠳᠢᠪ ᠭᠤᠷᠪᠠᠨ ᠮᠢᠩᠭᠠᠨ ᠮᠥᠩᠭᠥ 
《ᠮᠥᠩᠭᠥᠨ ᠴᠢᠪᠬᠠᠳᠠᠰᠤᠨ》 ᠢ᠋ ᠬᠥᠪᠴᠢᠯᠡᠪᠡᠢ᠃

ᠡᠷᠡᠳᠡᠭᠦᠨ ᠬᠦᠵᠢᠰ ᠰᠥᠨᠥᠭᠰᠡᠨ ᠦ᠌ ᠬᠣᠢᠨ᠎ᠠ
ᠴᠢᠨᠠᠷ ᠠᠨᠤ ᠨᠡᠩᠳᠡ ᠲᠠᠨᠢᠭᠳᠠᠭᠠᠳ
ᠡᠷᠡᠮᠳᠡᠭ ᠰᠣᠯᠣᠩᠭ᠎ᠠ ᠪᠣᠷᠣᠭᠠᠨ ᠤ᠋ ᠳᠠᠷᠠᠭ᠎ᠠ
ᠥᠩᠭᠡ ᠢᠨᠦ ᠤᠯᠠᠮ ᠬᠤᠷᠴᠠᠳᠤᠮᠤᠢ᠃
ᠤᠷᠰᠢᠭᠲᠤ ᠨᠡᠢᠭᠡᠮ ᠦ᠋ᠨ ᠨᠡᠷ᠎ᠡ ᠠᠰᠢᠭ ᠢ᠋ ᠲᠡᠪᠴᠢᠨ
ᠪᠠᠭᠰᠢ ᠶ᠋ᠢᠨ ᠦᠢᠯᠡᠰ ᠲᠦ᠍ ᠪᠡᠨ ᠬᠢᠴᠢᠶᠡᠭᠡᠳ
ᠣᠯᠠᠩᠬᠢ ᠴᠠᠭ ᠢ᠋ᠶ᠋ᠠᠷ ᠢ᠋ᠶ᠋ᠠᠨ ᠳᠠᠭᠤ ᠦᠭᠡᠢ ᠴᠦ᠍ ᠭᠡᠰᠡᠨ
ᠪᠣᠳᠣᠯ ᠶᠠᠪᠤᠳᠠᠯ ᠴᠢᠮᠪᠠᠢ᠃
ᠣ ᠶ᠋ᠢᠨ ᠴᠢᠨᠳᠠᠰᠤ ᠯᠠ ᠶ᠋ᠢᠨ ᠰᠦᠳᠡᠭ ᠲᠦ᠍
ᠨᠠᠰᠤ ᠪᠠᠷ ᠢ᠋ᠶ᠋ᠠᠨ ᠵᠢᠳᠬᠦᠭᠰᠡᠨ ᠢ᠋ ᠴᠢᠨᠢ ᠬᠢᠨᠠᠬᠤᠯ᠎ᠠ
ᠣᠷᠴᠢᠯᠠᠩ ᠬᠣᠷᠸ᠎ᠠ ᠳ᠋ᠠᠬᠢ ᠤᠯᠠ ᠮᠥᠷ ᠴᠢᠨᠢ
《ᠬᠠᠷ᠎ᠠ ᠬᠠᠪᠲᠠᠰᠤᠨ᠎ᠠ》 ᠳᠤᠷᠠᠰᠤᠯ ᠲᠠᠢ᠃
ᠤᠯᠠᠭᠠᠨ ᠲᠣᠭᠣᠰᠣᠨ ᠤ᠋ ᠪᠠᠶᠠᠨ ᠡᠷᠬᠢᠮ
ᠲᠠ ᠪᠢᠳᠡᠨ ᠳ᠋ᠦ᠍ ᠬᠤᠪᠢ ᠦᠭᠡᠢ
ᠣᠷᠣᠢ ᠶ᠋ᠢᠨ ᠨᠠᠷᠠᠨ ᠤ᠋ ᠲᠠᠰᠤᠷᠬᠠᠢ ᠲᠤᠶᠠᠭᠠᠨ ᠳ᠋ᠤ᠌
ᠬᠥᠰᠢᠶ᠎ᠡ ᠳᠤᠷᠠᠰᠬᠠᠯ ᠴᠢᠨᠢ ᠤᠯᠠᠢᠨᠠᠮ᠃
ᠨᠠᠢᠷᠲᠠᠢ ᠬᠠᠢᠷᠠᠲᠠᠢ ᠶᠠᠪᠤᠯᠴᠠᠭᠰᠠᠨ
ᠥᠩᠭᠡᠷᠡᠭᠰᠡᠨ ᠤᠴᠢᠷ ᠤ᠋ᠳ ᠢ᠋ᠶ᠋ᠠᠨ ᠡᠷᠭᠢᠴᠡᠭᠦᠯᠦᠨ
ᠨᠣᠢᠷ ᠦᠭᠡᠢ ᠪᠣᠯᠬᠣᠷ ᠰᠢᠯᠦᠭᠯᠡᠪᠡᠢ᠃
( ᠬᠥᠬᠡ ᠯᠤᠤ ᠵᠢᠯ ᠦ᠋ᠨ ᠬᠠᠩᠰᠢᠨ᠎ᠠ)

   ᠦᠰᠦᠭ ᠠᠮᠢᠯᠠᠭᠤᠯᠤᠭᠴᠢ᠄ ᠪᠤᠤ᠂ ᠰᠠᠷᠠᠨ᠎ᠠ
   ᠬᠢᠨᠠᠭᠴᠢ᠄ ᠮᠥᠴᠢᠷ᠂ ᠣᠳᠬᠠᠨᠰᠣ᠎ᠠ