ᠮᠢᠨᠦ ᠨᠤᠲᠤᠭ ᠲᠡᠨᠳᠡ ᠪᠣᠢ -ᠮᠠᠨᠳᠠᠷᠸ᠎ᠠМиний нутаг тэнд бэ-Мандарава ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ ᠲᠡᠨᠳᠡ ᠪᠣᠢ -ᠮᠠᠨᠳᠠᠷᠸ᠎ᠠМиний нутаг тэнд бэ-Мандарава

ᠮᠢᠨᠦ ᠨᠤᠲᠤᠭ ᠲᠡᠨᠳᠡ ᠪᠣᠢ -ᠮᠠᠨᠳᠠᠷᠸ᠎ᠠМиний нутаг тэнд бэ-Мандарава

ᠠᠩᠭᠢᠯᠠᠯ:ᠳᠠᠭᠤᠤ ᠬᠥᠭᠵᠢᠮ
2024-04-11

418

ᠮᠢᠨᠦ ᠨᠤᠲᠤᠭ ᠲᠡᠨᠳᠡ ᠪᠣᠢ

   ᠦᠭᠡ : ᠴᠣᠢᠵᠢᠨᠵᠠᠪ     
   ᠠᠶ᠎ᠠ : ᠨᠠᠰᠤᠨ     
   MIDI ᠬᠥᠭᠵᠢᠮ᠄ᠮᠥᠩᠭᠥᠨᠱᠠ  
   ᠳᠠᠭᠤᠯᠠᠭᠰᠠᠨ ᠨᠢ : ᠮᠠᠨᠳᠠᠷᠸ᠎ᠠ       

ᠰᠢᠷᠭᠠᠯᠲᠤᠨ ᠵᠠᠯᠭᠠᠯᠳᠤᠬᠤ ᠡᠯᠡᠰᠦ ᠮᠠᠩᠬ᠎ᠠ ᠲᠠᠢ 
ᠱᠤᠤᠭᠢᠨ ᠮᠡᠯᠮᠡᠷᠡᠬᠦ ᠨᠠᠭᠤᠷ ᠪᠦᠷᠢᠳᠦ ᠲᠡᠢ   
ᠰᠤᠨᠤᠯᠵᠠᠨ ᠬᠠᠷᠠᠭᠳᠠᠬᠤ ᠰᠢᠯᠢ ᠨᠢᠷᠤᠭᠤᠳ ᠲᠠᠢ   
ᠰᠢᠨᠲᠠᠷᠠᠰᠢ ᠦᠭᠡᠢ ᠠᠵᠢᠯᠯᠠᠬᠤ ᠬᠥᠮᠦᠨ ᠠᠷᠠᠳ ᠲᠠᠢ   
ᠠ ᠬᠠ ᠬᠦ ᠂ ᠠ ᠬᠠ ᠬᠦ ᠬᠦ  
ᠥᠷᠥᠴᠡ ᠵᠢᠷᠦᠬᠡ ᠶ᠋ᠢ ᠮᠢᠨᠢ ᠬᠥᠪᠴᠢᠯᠡᠭᠡᠳ ᠪᠠᠢᠳᠠᠭ   
ᠥᠨᠢᠳᠡ ᠣᠷᠣᠰᠢᠬᠤ ᠮᠢᠨᠦ ᠨᠤᠲᠤᠭ  ᠠ᠋  

ᠬᠠᠯᠢᠭᠤᠷᠠᠨ ᠳᠣᠯᠭᠢᠶᠠᠯᠠᠬᠤ ᠲᠣᠷᠭᠠᠨ ᠪᠡᠯᠴᠢᠭᠡᠷ ᠲᠡᠢ   
ᠬᠠᠨᠠᠷᠠᠨ ᠮᠥᠷᠥᠯᠡᠬᠦ ᠪᠤᠷᠭᠠᠰᠤ ᠰᠢᠪᠠᠭ ᠲᠠᠢ   
ᠬᠠᠯᠭᠢᠯᠠᠨ ᠤᠷᠤᠰᠬᠤ ᠪᠤᠯᠠᠭ ᠭᠣᠷᠣᠬ᠎ᠠ ᠲᠠᠢ   
ᠬᠠᠷᠢᠯᠴᠠᠨ ᠬᠠᠪᠰᠤᠷᠤᠯᠴᠠᠬᠤ ᠨᠠᠨᠳᠢᠨ ᠰᠤᠷᠲᠠᠯ ᠲᠠᠢ  
ᠠ ᠬᠠ ᠬᠦ ᠂ ᠠ ᠬᠠ ᠬᠦ ᠬᠦ  
ᠬᠠᠨ ᠬᠤᠷᠮᠤᠰᠲᠠ ᠠ᠋ᠴᠠ ᠢᠪᠡᠭᠡᠨ ᠰᠣᠷᠤᠷᠬᠠᠭᠰᠠᠨ   
ᠬᠠᠢᠷ᠎ᠠ ᠶ᠋ᠢᠨ  ᠰᠠᠬᠢᠭᠤᠰᠤ ᠮᠢᠨᠦ ᠨᠤᠲᠤᠭ  ᠠ᠋  
 
ᠴᠡᠯᠭᠡᠷᠡᠨ ᠨᠣᠭᠣᠭᠠᠷᠠᠬᠤ ᠴᠠᠢᠳᠠᠮ ᠬᠥᠨᠳᠡᠢ ᠲᠡᠢ   
ᠴᠠᠢᠷᠠᠨ ᠪᠡᠯᠴᠢᠬᠦ ᠬᠣᠨᠢ ᠮᠠᠯ ᠲᠠᠢ  
ᠴᠢᠨᠡᠭᠡᠯᠢᠭ ᠠᠮᠢᠳᠤᠷᠠᠯ ᠳ᠋ᠠᠭᠠᠨ ᠵᠢᠪᠬᠤᠭ᠎ᠠ ᠲᠠᠢ ᠶᠠᠪᠤᠭ᠎ᠠ   
ᠴᠡᠩᠭᠡᠯ ᠵᠢᠷᠭᠠᠯ ᠤ᠋ᠨ ᠢᠷᠠᠭᠤ ᠳᠠᠭᠤᠯᠠᠯ ᠲᠠᠢ  
ᠠ ᠬᠠ ᠬᠦ ᠂ ᠠ  ᠬᠠ ᠬᠦ ᠬᠦ  
ᠮᠠᠨᠳᠤᠬᠤ ᠡᠷᠢᠨ ᠦ᠌ ᠮᠠᠩᠯᠠᠢ ᠪᠣᠯᠤᠭᠰᠠᠨ 
ᠮᠣᠩᠭᠣᠯ ᠣᠷᠣᠨ ᠮᠢᠨᠦ ᠨᠤᠲᠤᠭ ᠠ᠋  

   ᠦᠰᠦᠭ ᠠᠮᠢᠯᠠᠭᠤᠯᠤᠭᠴᠢ᠄ ᠪᠠᠳᠠᠷᠠᠯᠲᠤ  
   ᠦᠰᠦᠭ ᠬᠠᠲᠠᠵᠤ ᠬᠢᠨᠠᠭᠴᠢ᠄ ᠬᠠᠷᠠᠭᠳᠠᠨ  ᠷ·ᠴᠢᠷᠮᠠᠢᠯᠲᠤ