ᠠᠭᠤᠯᠠᠨ ᠭᠨᠧᠲ᠋ᠣᠮУулан гнетм

ᠠᠭᠤᠯᠠᠨ ᠭᠨᠧᠲ᠋ᠣᠮ
ᠭ᠌ᠨᠧᠲ᠋ᠤᠮ ᠤ᠋ᠨ ᠢᠵᠠᠭᠤᠷ
ᠣᠯᠠᠩᠬᠢ ᠳ᠋ᠠᠭᠠᠨ ᠲᠤᠷᠤᠭ ᠮᠣᠳᠣᠨ ᠳᠡᠭᠡᠷ᠎ᠡ ᠠᠪᠠᠷᠢᠵᠤ ᠤᠷᠭᠤᠳᠠᠭ ᠮᠥᠩᠬᠡ ᠨᠣᠭᠣᠭᠠᠨ ᠲᠣᠮᠣ ᠲᠡᠩᠰᠡᠯᠢᠭ ᠤᠷᠭᠤᠮᠠᠯ᠂ ᠢᠯᠡᠬᠡᠨ ᠦᠶ᠎ᠡ ᠲᠡᠢ᠃ ᠨᠠᠪᠴᠢ ᠨᠢ ᠴᠢᠭᠲᠠᠯᠠᠨ ᠤᠷᠭᠤᠨ᠎ᠠ᠂ ᠰᠠᠷᠢᠰᠤᠯᠢᠭ ᠴᠢᠨᠠᠷᠲᠠᠢ᠂ ᠤᠷᠲᠤᠯᠵᠢᠨ ᠵᠤᠤᠪᠠᠩ᠂ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠪᠤᠶᠤ ᠥᠨᠳᠡᠭᠡᠯᠵᠢᠨ ᠰᠢᠭ ᠤᠷᠲᠤ ᠲᠣᠭᠣᠷᠢᠭ ᠬᠡᠯᠪᠡᠷᠢ ᠲᠡᠢ᠂ 7—25cm ᠤᠷᠲᠤ᠂ 4.5—11cm ᠥᠷᠭᠡᠨ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠳ᠋ᠠᠭᠠᠨ ᠦᠰᠦ ᠦᠭᠡᠢ᠂ ᠭᠥᠯᠢᠭᠡᠷ᠂ 8—15mm ᠤᠷᠲᠤ ᠪᠠᠷᠢᠭᠤᠯ ᠲᠠᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ ᠪᠤᠶᠤ ᠣᠨᠳᠣᠣ ᠭᠡᠷ ᠲᠡᠢ ᠪᠥᠭᠡᠳ ᠲᠦᠷᠦᠭᠦᠦ ᠬᠡᠯᠪᠡᠷᠢᠲᠦ ᠪᠠᠭ ᠴᠡᠴᠡᠭ ᠪᠣᠯᠵᠤ ᠤᠷᠭᠤᠨ᠎ᠠ᠃ ᠡᠷ᠎ᠡ ᠪᠠᠭ ᠴᠡᠴᠡᠭ ᠨᠢ ᠨᠢᠭᠡ ᠡᠴᠡ ᠬᠣᠶᠠᠷᠳᠠᠭᠰᠠᠨ ᠭᠤᠷᠪᠠᠯᠠᠭᠰᠠᠨ ᠰᠠᠯᠠᠭ᠎ᠠ ᠭᠠᠷᠴᠤ᠂ ᠰᠠᠯᠠᠭ᠎ᠠ ᠪᠦᠷᠢ ᠳ᠋ᠦ᠍ᠨᠢ 13—17 ᠴᠠᠭᠠᠷᠢᠭ ᠶᠡᠷᠦᠩᠬᠡᠢ ᠪᠠᠭᠯᠠᠭᠴᠢ ᠲᠠᠢ ᠪᠠ ᠶᠡᠷᠦᠩᠬᠡᠢ ᠪᠠᠭᠯᠠᠭᠴᠢ ᠪᠦᠷᠢ ᠶ᠋ᠢᠨ ᠥᠪᠥᠷ ᠦ᠋ᠨ ᠤᠭ ᠲᠤᠨᠢ ᠦᠰᠦ ᠲᠡᠢ 20—40 ᠡᠷ᠎ᠡ ᠴᠡᠴᠡᠭ ᠪᠣᠢ᠃ ᠡᠮ᠎ᠡ ᠪᠠᠭ ᠴᠡᠴᠡᠭ ᠨᠢ ᠭᠠᠭᠴᠠᠭᠠᠷ ᠪᠤᠶᠤ ᠬᠡᠳᠦ ᠬᠡᠳᠦ ᠪᠡᠷ ᠪᠠᠭᠯᠠᠷᠠᠵᠤ ᠤᠷᠭᠤᠨ᠎ᠠ᠂ 3—4 ᠬᠣᠣᠰ ᠰᠠᠯᠠᠭ᠎ᠠ ᠲᠠᠢ ᠪᠠ ᠶᠡᠷᠦᠩᠬᠡᠢ ᠪᠠᠭᠯᠠᠭᠴᠢ ᠪᠦᠷᠢ ᠶ᠋ᠢᠨ ᠥᠪᠥᠷ ᠲᠤ 5—8 ᠡᠮ᠎ᠡ ᠴᠡᠴᠡᠭ ᠲᠡᠢ᠃ ᠦᠷ᠎ᠡ ᠨᠢ ᠶᠠᠰᠤᠲᠤ ᠵᠢᠮᠢᠰ ᠰᠢᠭ᠂ ᠥᠨᠳᠡᠭᠡᠯᠵᠢᠨ ᠪᠥᠭᠡᠷᠡᠩᠬᠡᠢ ᠪᠤᠶᠤ ᠤᠷᠲᠤᠯᠵᠢᠨ ᠵᠤᠤᠪᠠᠩ᠂ 14—20mm ᠤᠷᠲᠤ᠂ ᠪᠣᠯᠪᠠᠰᠤᠷᠠᠪᠠᠯ ᠬᠠᠭᠤᠷᠮᠠᠭ ᠦᠷ᠎ᠡ ᠶ᠋ᠢᠨ ᠬᠠᠯᠢᠰᠤ ᠨᠢ ᠰᠢᠷ᠎ᠠ ᠬᠦᠷᠡᠩ ᠪᠤᠶᠤ ᠤᠯᠠᠭᠠᠨ ᠬᠦᠷᠡᠩ᠂ ᠡᠰᠡᠬᠦᠯ᠎ᠡ ᠮᠥᠩᠭᠥᠨ ᠴᠠᠭᠠᠨ ᠬᠠᠢᠷᠰᠤᠨ ᠲᠣᠯᠪᠣ ᠲᠠᠢ ᠪᠣᠯᠳᠠᠭ᠃
ᠴᠢᠭᠢᠭᠯᠢᠭ ᠬᠥᠷᠥᠰᠥᠲᠦ ᠡᠭᠡᠮ᠎ᠡ ᠬᠠᠯᠠᠭᠤᠨ ᠭᠠᠵᠠᠷ ᠤ᠋ᠨ ᠠᠭᠤᠯᠠ ᠶ᠋ᠢᠨ ᠬᠠᠵᠠᠭᠤ ᠪᠠᠷ ᠤᠷᠭᠤᠳᠠᠭ᠃ ᠠᠭᠤᠯᠠ ᠶ᠋ᠢᠨ ᠭᠣᠣ ᠵᠢᠯᠠᠭ᠎ᠠ᠂ ᠭᠣᠣᠯ ᠤ᠋ᠨ ᠬᠥᠪᠡᠭᠡ ᠶ᠋ᠢᠨ ᠢᠬᠴᠤ ᠣᠢ ᠰᠢᠭᠤᠢ ᠶ᠋ᠢᠨ ᠳᠣᠣᠷ᠎ᠠ ᠮᠠᠰᠢ ᠰᠠᠢᠨ ᠤᠷᠭᠤᠨ᠎ᠠ᠃
ᠮᠠᠨ ᠤ᠋ ᠤᠯᠤᠰ ᠤ᠋ᠨ ᠶᠦᠨᠨᠠᠨ᠂ ᠭᠤᠸᠠᠩᠰᠢ᠂ ᠭᠤᠸᠠᠩᠳᠦᠩ ᠬᠢᠭᠡᠳ ᠹᠦᠵᠢᠶᠠᠨ ᠤ᠋ ᠡᠮᠦᠨᠡᠲᠦ ᠬᠡᠰᠡᠭ ᠢ᠋ᠶ᠋ᠡᠷ ᠤᠷᠭᠤᠳᠠᠭ᠃
ᠡᠰᠢᠨ ᠦ᠌ ᠬᠢᠨᠢ ᠬᠠᠯᠢᠰᠤᠨ ᠤ᠋ ᠰᠢᠷᠬᠡᠭ ᠢ᠋ᠶ᠋ᠡᠷ ᠰᠢᠷ᠎ᠠ ᠣᠯᠣᠰᠣ ᠶ᠋ᠢ ᠣᠷᠣᠯᠠᠭᠤᠯᠤᠨ ᠮᠠᠳᠠᠢ᠂ ᠵᠢᠭᠠᠰᠤᠨ ᠲᠣᠣᠷ ᠵᠡᠷᠭᠡ ᠨᠡᠬᠡᠵᠦ ᠪᠣᠯᠤᠨ᠎ᠠ᠃ ᠦᠷ᠎ᠡ ᠡᠴᠡ ᠨᠢ ᠲᠣᠰᠣ ᠠᠪᠴᠤ ᠪᠣᠯᠤᠨ᠎ᠠ᠂ ᠪᠠᠰᠠ ᠬᠠᠭᠤᠷᠴᠤ ᠢᠳᠡᠵᠦ ᠪᠣᠯᠳᠠᠭ᠃
ᠬᠢᠲᠠᠳ ᠨᠡᠷ᠎ᠡ᠄买麻藤
ᠠᠩᠭ᠌ᠯᠢ ᠨᠡᠷ᠎ᠡ᠄ Gnetum montanum Markgr.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠣᠳᠬᠠᠨᠰᠣ᠎ᠠ
