ᠰᠠᠢᠬᠠᠨ ᠮᠣᠩᠭᠣᠯ ᠮᠣᠷᠢᠳ-ᠨᠠᠷᠠᠨᠲᠤᠶᠠᠭ᠎ᠠСайхан монгол морьд-Нарантуяа
ᠰᠠᠢᠬᠠᠨ ᠮᠣᠩᠭᠣᠯ ᠮᠣᠷᠢᠳ
ᠦᠭᠡ᠄ ᠯ· ᠳᠠᠪᠬᠠᠳᠣᠷᠵᠢ
ᠠᠶ᠎ᠠ᠄ ᠫ· ᠫᠦᠷᠪᠦᠰᠥ᠋ᠷᠦᠩ
ᠳᠠᠭᠤᠴᠢᠨ᠄ ᠨᠠᠷᠠᠨᠲᠤᠶᠠᠭ᠎ᠠ
ᠲᠠᠤᠯᠠᠢ ᠶ᠋ᠢᠨ ᠰᠠᠢᠬᠠᠨ ᠵᠣ ᠳ᠋ᠤ᠌ ᠨᠢ
ᠨᠠᠷᠠᠨ ᠤ᠋ ᠲᠤᠶᠠᠭ᠎ᠠ ᠰᠣᠯᠣᠩᠭᠠᠷᠠᠭᠰᠠᠨ
ᠱᠠᠰᠢᠷ ᠰᠤᠮᠤᠨ ᠳᠡᠯ ᠳ᠋ᠦ᠍ ᠨᠢ
ᠰᠠᠯᠬᠢ ᠢᠰᠬᠡᠷᠦᠭᠦᠯᠦᠨ ᠨᠠᠭᠠᠳᠤᠭᠰᠠᠨ
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢᠳ ᠮᠢᠨᠢ
ᠵᠡᠭᠡᠷ᠎ᠡ ᠶ᠋ᠢ ᠭᠦᠢᠴᠡᠮᠡ ᠬᠤᠷᠳᠤ ᠪᠠᠷ ᠢ᠋ᠶ᠋ᠠᠨ
ᠬᠡᠭᠡᠷ᠎ᠡ ᠲᠠᠯ᠎ᠠ ᠶ᠋ᠢ ᠲᠤᠭᠤᠯᠬᠤ ᠳ᠋ᠤ᠌ ᠪᠠᠨ
ᠤᠨᠠᠭᠠᠨ ᠪᠠᠭᠠᠠ᠋ᠴᠠ ᠪᠠᠨ ᠬᠣᠯᠠ ᠶᠠᠪᠤᠭᠰᠠᠨ ᠴᠤ᠌
ᠤᠨᠠᠭᠰᠠᠨ ᠨᠤᠲᠤᠭ ᠲᠠᠭᠠᠨ ᠡᠷᠭᠢᠭᠡᠳ ᠢᠷᠡᠳᠡᠭ
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢᠳ ᠮᠢᠨᠢ
ᠲᠡᠢᠨ ᠦ᠌ ᠲᠠᠯᠠᠪᠤᠷ ᠲᠤ᠌ ᠡᠨᠳᠡᠭᠰᠡᠨ ᠡᠵᠡᠨ ᠢ᠋ᠶ᠋ᠡᠨ
ᠳᠠᠢᠰᠤᠨ ᠤ᠋ ᠰᠠᠪᠠᠷ ᠲᠤ᠌ ᠥᠷᠲᠥᠭᠦᠯᠦᠯ ᠦᠭᠡᠢ
ᠳᠠᠢᠴᠢᠨ ᠨᠥᠬᠥᠳ ᠲᠤ ᠨᠢ ᠬᠦᠷᠭᠡᠵᠦ ᠥᠭᠭᠦᠭᠡᠳ
ᠨᠢᠯᠪᠤᠰᠤ ᠪᠥᠮᠪᠥᠷᠢᠭᠦᠯᠦᠨ ᠵᠣᠭᠰᠣᠵᠤ ᠪᠠᠢᠭᠰᠠᠨ
ᠰᠠᠢᠬᠠᠨ ᠮᠣᠩᠭᠣᠯ ᠮᠣᠷᠢ ᠮᠢᠨᠢ
ᠰᠠᠢᠬᠠᠨ ᠮᠣᠩᠭᠣᠯ ᠮᠣᠷᠢᠳ ᠮᠢᠨᠢ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠦᠰᠦᠭ ᠬᠠᠲᠠᠭᠰᠠᠨ ᠨᠢ᠄ ᠪᠦᠷᠢᠨᠵᠢᠷᠭᠠᠯ
ᠬᠢᠨᠠᠭᠴᠢ ᠪᠠᠭᠰᠢ᠄ ᠥᠨᠢᠮᠦ᠋ᠩᠬᠡ
