ᠥᠷᠯᠥᠭᠡ ᠶ᠋ᠢᠨ ᠤᠶᠠᠩᠭ᠎ᠠ-ᠬᠣᠷᠴᠢᠨӨглөөгийн уянга-Хорчин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠯᠥᠭᠡ ᠶ᠋ᠢᠨ ᠤᠶᠠᠩᠭ᠎ᠠ-ᠬᠣᠷᠴᠢᠨӨглөөгийн уянга-Хорчин

ᠥᠷᠯᠥᠭᠡ ᠶ᠋ᠢᠨ ᠤᠶᠠᠩᠭ᠎ᠠ-ᠬᠣᠷᠴᠢᠨӨглөөгийн уянга-Хорчин

2024-04-10

301

ᠥᠷᠯᠥᠭᠡ ᠶ᠋ᠢᠨ ᠤᠶᠠᠩᠭ᠎ᠠ

           ᠬᠣᠷᠴᠢᠨ 
ᠪᠠᠢᠷᠢᠨ ᠲᠠᠷᠢᠶ᠎ᠠ ᠳ᠋ᠤ᠌ ᠦᠳᠡᠰᠢ ᠶ᠋ᠢᠨ ᠪᠣᠳᠣᠯ ᠣᠯᠠᠨ 
ᠪᠤᠭᠤᠷᠤᠯ ᠲᠡᠦᠬᠡ ᠡᠷᠲᠡ ᠡᠳᠦᠭᠡ ᠶ᠋ᠢ ᠲᠣᠯᠢᠳᠠᠨ᠎ᠠ 
ᠪᠤᠴᠠᠵᠤ ᠢᠷᠡᠭᠰᠡᠨ ᠤᠯᠠᠭᠠᠨ ᠭᠠᠯᠠᠭᠤᠨ ᠤ᠋ ᠰᠦᠷᠦᠭ 
ᠪᠤᠮᠠᠨ ᠣᠨ ᠭᠠᠳᠠ ᠮᠡᠢᠷᠡᠨ ᠢ᠋ᠶ᠋ᠡᠨ ᠳᠠᠭᠤᠯᠠᠨ᠎ᠠ 

ᠬᠠᠢᠷᠠᠲᠠᠢ ᠡᠭᠡᠴᠢ ᠶ᠋ᠢᠨ ᠰᠠᠨᠠᠯ ᠢ᠋ ᠪᠢᠰᠢᠷᠡᠨ ᠤᠨᠲᠠᠭᠠᠳ 
ᠬᠠᠮᠤᠭ ᠪᠡᠶ᠎ᠡ ᠶ᠋ᠢᠨ ᠠᠶᠠᠨ ᠤ᠋ ᠴᠢᠯᠡᠭᠡ ᠲᠠᠢᠯᠤᠭᠳᠠᠪᠠ 
ᠬᠠᠭᠠᠨ ᠨᠠᠷᠠᠨ ᠬᠣᠲᠠ ᠳᠦᠭᠦᠷᠡᠩ ᠰᠢᠯᠦᠭᠯᠡᠭᠡᠳ 
ᠬᠠᠲᠤᠨ ᠪᠠᠢᠭᠠᠯᠢ ᠬᠠᠪᠤᠷ ᠢ᠋ ᠤᠶᠠᠷᠠᠲᠠᠯ᠎ᠠ ᠳᠠᠭᠤᠯᠠᠪᠠ 

ᠲᠣᠭᠣᠷ ᠤ᠋ᠨ ᠴᠣᠮᠣᠷᠯᠢᠭ ᠬᠦᠷᠢᠶᠡᠯᠡᠩ ᠴᠢᠮᠡᠨ ᠲᠣᠷᠮᠣᠢᠵᠤ
ᠲᠠᠩᠬᠢᠯ ᠥᠬᠢᠳ ᠭᠤᠳᠤᠮᠵᠢ ᠭᠣᠶᠣᠯᠠᠨ ᠮᠢᠰᠢᠪᠡᠯᠵᠡᠨ᠎ᠡ
ᠳᠠᠰᠤᠯ ᠵᠢᠰᠦ ᠮᠣᠩᠭᠣᠯᠵᠢᠨ ᠭᠤᠸ᠎ᠠ ᠶ᠋ᠢ ᠰᠠᠨᠠᠭᠳᠠᠭᠤᠯᠵᠤ
ᠳᠤᠷᠠᠨ ᠬᠠᠷᠠᠭ᠎ᠠ ᠬᠥᠯᠥᠨ ᠪᠤᠢᠷ ᠲᠠᠭᠠᠨ ᠴᠢᠭᠯᠡᠭᠦᠯᠦᠨ᠎ᠡ
                  2024.4.6
   ᠦᠰᠦᠭ ᠠᠮᠢᠯᠠᠭᠤᠯᠤᠭᠴᠢ᠄ ᠣᠳᠬᠠᠨᠰᠣ᠎ᠠ
   ᠬᠢᠨᠠᠭᠴᠢ᠄ ᠣᠳᠬᠠᠨᠰᠣ᠎ᠠ