ᠮᠥᠷ ᠭᠠᠷᠭᠠᠬᠤᠢ ᠳ᠋ᠤᠷ ᠰᠠᠢᠨ ᠡᠳᠦᠷ ᠢ ᠰᠢᠨᠵᠢᠬᠦ ᠠᠨᠤ Мөр гаргахуйд сайн өдрийг шинжих ану
ᠮᠥᠷ ᠭᠠᠷᠭᠠᠬᠤᠢ ᠳ᠋ᠤᠷ ᠰᠠᠢᠨ ᠡᠳᠦᠷ ᠢ ᠰᠢᠨᠵᠢᠬᠦ ᠠᠨᠤ
*ᠲᠠᠩᠬᠢᠮ ᠭᠡᠷ ᠡᠳᠦᠷ ᠭᠠᠷᠪᠠᠯ᠂ ᠨᠣᠶᠠᠨ ᠬᠥᠮᠦᠨ ᠤᠴᠠᠷᠠᠵᠤ᠂ ᠣᠯᠵᠠ ᠣᠯᠬᠤ ᠮᠠᠰᠢ ᠰᠠᠢᠨ ᠪᠣᠢ᠃
*ᠠᠯᠲᠠᠨ ᠰᠠᠩ ᠡᠳᠦᠷ ᠭᠠᠷᠪᠠᠯ᠂ ᠮᠣᠷᠢ ᠦᠬᠦᠬᠦ ᠂ ᠣᠯᠵᠠ ᠥᠬᠡᠢ᠂ ᠬᠤᠯᠠᠭᠠᠢ ᠪᠣᠯᠬᠤ ᠶᠡᠬᠡ ᠮᠠᠭᠤ ᠪᠣᠢ ᠃
*ᠠᠯᠲᠠᠨ ᠲᠠᠩᠬᠢᠮ ᠡᠳᠦᠷ ᠭᠠᠷᠪᠠᠯ᠂ ᠨᠣᠶᠠᠨ ᠬᠥᠮᠦᠨ ᠤᠴᠠᠷᠠᠵᠤ᠂ ᠵᠠᠷᠭᠤ ᠬᠢᠬᠦ ᠳ᠋ᠦ᠍ ᠮᠠᠰᠢ ᠰᠠᠢᠨ ᠪᠣᠢ ᠃
*ᠡᠪᠲᠦ ᠠᠷᠭ᠎ᠠ ᠡᠳᠦᠷ ᠭᠠᠷᠪᠠᠯ᠂ ᠰᠠᠢᠨ ᠬᠥᠮᠦᠨ ᠤᠴᠠᠷᠠᠵᠤ᠂ ᠣᠯᠵᠠ ᠣᠯᠬᠤ ᠶᠡᠬᠡ ᠰᠠᠢᠨ ᠪᠣᠢ ᠃
* ᠬᠤᠯᠠᠭᠠᠢ ᠳᠡᠭᠡᠷᠡᠮ ᠡᠳᠦᠷ ᠭᠠᠷᠪᠠᠯ ᠭᠢᠨᠵᠢ ᠵᠡᠭᠦᠵᠦ᠂ ᠡᠳ᠋ ᠠᠯᠳᠠᠬᠤ ᠮᠠᠰᠢ ᠮᠠᠭᠤ ᠪᠣᠢ ᠃
* ᠡᠷᠳᠡᠨᠢ ᠰᠠᠩ ᠡᠳᠦᠷ ᠭᠠᠷᠪᠠᠯ ᠬᠠᠮᠤᠭ ᠦᠢᠯᠡᠰ ᠰᠡᠳᠬᠢᠯᠴᠢᠯᠡᠨ ᠪᠦᠲᠦᠬᠦ ᠶᠡᠬᠡ ᠰᠠᠢᠨ ᠪᠣᠢ᠃
ᠳᠤᠮᠳᠠᠳᠤ ᠵᠠᠩᠵᠤᠨ ᠤ᠋ ᠡᠵᠡᠯᠡᠭᠰᠡᠨ ᠳᠥᠷᠪᠡᠨ ᠳᠤᠮᠳᠠ ᠰᠠᠷ᠎ᠠ ( 2.5.8.11. ᠳ᠋ᠤᠭᠠᠷ ᠰᠠᠷ᠎ᠠ) ᠳ᠋ᠤᠷ — ᠲᠡᠭᠷᠢ ᠶ᠋ᠢᠨ ᠳᠡᠭᠡᠷᠡᠮ ᠡᠳᠦᠷ ᠄ 1.9.17.25 ᠲᠡᠭᠷᠢ ᠶ᠋ᠢᠨ ᠡᠭᠦᠳᠡ ᠡᠳᠦᠷ : 2.10.18.26 ᠲᠡᠭᠷᠢ ᠶ᠋ᠢᠨ ᠲᠢᠩᠬᠢᠮ ᠡᠳᠦᠷ 3.11.19.27 ᠲᠩᠷᠢ ᠶ᠋ᠢᠨ ᠡᠳ᠋ ᠡᠳᠦᠷ ᠄ 4.12.20.28 ᠲᠡᠭᠷᠢ ᠶ᠋ᠢᠨ ᠬᠤᠯᠠᠭᠠᠢ ᠡᠳᠦᠷ : 5.13.21.29ᠲᠡᠭᠷᠢ ᠶ᠋ᠢᠨ ᠠᠷᠭ᠎ᠠ ᠡᠳᠦᠷ : 6.14.22.30 ᠲᠩᠷᠢ ᠶ᠋ᠢᠨ ᠲᠦᠰᠢᠮᠡᠯ ᠡᠳᠦᠷ ᠄7.15. 23 ᠲᠩᠷᠢ ᠶ᠋ᠢᠨ ᠰᠠᠩ ᠡᠳᠦᠷ : 8.16.24
*ᠲᠡᠭᠷᠢ ᠶ᠋ᠢᠨ ᠳᠡᠭᠡᠷᠡᠮ᠂ ᠲᠡᠭᠷᠢ ᠶ᠋ᠢᠨ ᠬᠤᠯᠠᠭᠠᠢ ᠡᠳᠦᠷ ᠭᠠᠷᠪᠠᠯ ᠣᠯᠵᠠ ᠥᠬᠡᠢ ᠬᠠᠷᠰᠢ ᠪᠠ ᠵᠠᠷᠭᠤ ᠲᠡᠮᠡᠴᠡᠯ ᠪᠣᠯᠬᠤ ᠮᠠᠭᠤ ᠪᠣᠢ᠃ * ᠲᠡᠭᠷᠢ ᠶ᠋ᠢᠨ ᠡᠭᠦᠳᠡ᠂ ᠲᠡᠭᠷᠢ ᠶ᠋ᠢᠨ ᠠᠷᠭ᠎ᠠ ᠡᠳᠦᠷ ᠭᠠᠷᠪᠠᠯ᠂ ᠬᠠᠮᠤᠭ ᠦᠢᠯᠡᠰ ᠰᠠᠨᠠᠭᠰᠠᠨ ᠢ᠋ᠶ᠋ᠠᠷ ᠪᠦᠲᠦᠬᠦ ᠶᠡᠬᠡ ᠰᠠᠢᠨ ᠪᠣᠢ᠃ * ᠲᠡᠭᠷᠢ ᠶ᠋ᠢᠨ ᠲᠠᠩᠬᠢᠮ ᠡᠳᠦᠷ ᠭᠠᠷᠪᠠᠯ᠂ ᠰᠠᠢᠨ ᠬᠥᠮᠦᠨ ᠤᠴᠠᠷᠠᠵᠤ ᠠᠯᠢᠪᠠ ᠬᠡᠷᠡᠭ ᠪᠦᠲᠦᠬᠦ ᠰᠠᠢᠨ᠃ * ᠲᠡᠭᠷᠢ ᠶ᠋ᠢᠨ ᠡᠳ᠋ ᠡᠳᠦᠷ ᠭᠠᠷᠪᠠᠯ᠂ ᠰᠠᠢᠨ ᠬᠥᠮᠦᠨ ᠤᠴᠠᠷᠠᠵᠤ᠂ ᠬᠠᠮᠤᠭ ᠬᠡᠷᠡᠭ ᠡᠶᠡᠯᠰᠡᠭ ᠪᠦᠲᠦᠬᠦ ᠰᠠᠢᠨ᠃ ᠲᠡᠭᠷᠢ ᠶ᠋ᠢᠨ ᠲᠦᠰᠢᠮᠡᠯ ᠡᠳᠦᠷ ᠭᠠᠷᠪᠠᠯ ᠬᠡᠯᠡ ᠠᠮᠠ ᠪᠣᠯᠵᠤ ᠡᠪᠡᠳᠴᠢᠨ ᠲᠠᠬᠤᠯ ᠢᠷᠡᠬᠦ ᠶᠡᠬᠡ ᠮᠠᠭᠤ ᠪᠣᠢ᠃ * ᠲᠩᠷᠢ ᠶ᠋ᠢᠨ ᠰᠠᠩ ᠡᠳᠦᠷ ᠭᠠᠷᠪᠠᠯ᠂ ᠠᠯᠢᠪᠠ ᠬᠡᠷᠡᠭ ᠪᠦᠲᠦᠬᠦ ᠂ ᠡᠳ᠋ ᠢᠳᠡᠭᠡᠨ ᠣᠯᠬᠤ ᠶᠡᠬᠡ ᠰᠠᠢᠨ ᠪᠣᠢ᠃
ᠳᠣᠣᠷᠠᠲᠤ ᠵᠠᠩᠵᠤᠨ ᠤ᠋ ᠡᠵᠡᠯᠡᠭᠰᠡᠨ ᠳᠥᠷᠪᠡᠨ ᠰᠡᠭᠦᠯ ᠰᠠᠷ᠎ᠠ 3.6.9.12 ᠳ᠋ᠤᠭᠠᠷ ᠰᠠᠷ᠎ᠠ ) ᠳ᠋ᠤᠷ — ᠤᠯᠠᠭᠠᠨ ᠱᠠᠭᠠᠵᠠᠭᠠᠢ ᠡᠳᠦᠷ ᠄ 1.6.9.17.25 ᠴᠠᠭᠠᠨ ᠪᠠᠷᠰ ᠤ᠋ᠨ ᠲᠣᠯᠣᠭᠠᠢ ᠡᠳᠦᠷ : 2.10.18.26 ᠴᠠᠭᠠᠨ ᠪᠠᠷᠰ ᠤ᠋ᠨ ᠬᠠᠪᠢᠷᠭ᠎ᠠ ᠡᠳᠦᠷ ᠄ 3.11.19.27 ᠴᠠᠭᠠᠨ ᠪᠠᠷᠰ ᠤ᠋ᠨ ᠬᠥᠯ ᠡᠳᠦᠷ : 4.12.20. 28ᠬᠠᠷ᠎ᠠ ᠪᠠᠭᠠᠲᠤᠷ ᠡᠳᠦᠷ : 5.13.21.29 ᠬᠥᠬᠡ ᠯᠤᠤ ᠶ᠋ᠢᠨ ᠲᠣᠯᠣᠭᠠᠢ ᠡᠳᠦᠷ : 6.14.22.30 ᠬᠥᠬᠡ ᠯᠤᠤ ᠶ᠋ᠢᠨ ᠬᠠᠪᠢᠷᠭ᠎ᠠ ᠡᠳᠦᠷ : 7.15.23 ᠬᠥᠬᠡ ᠯᠤᠤ ᠶ᠋ᠢᠨ ᠬᠥᠯ ᠡᠳᠦᠷ : 8.16.24
*ᠤᠯᠠᠭᠠᠨ ᠱᠠᠭᠠᠵᠠᠭᠠᠢ ᠡᠳᠦᠷ ᠭᠠᠷᠪᠠᠯ᠂ ᠣᠯᠵᠠ ᠥᠬᠡᠢ ᠪᠥᠭᠡᠳ ᠠᠯᠢᠪᠠ ᠶᠠᠪᠤᠳᠠᠯ ᠳ᠋ᠤ᠌ ᠬᠠᠷᠰᠢ ᠪᠣᠯᠬᠤ ᠶᠡᠬᠡ ᠮᠠᠭᠤ ᠪᠣᠢ᠃ *ᠴᠠᠭᠠᠨ ᠪᠠᠷᠰ ᠤ᠋ᠨ ᠲᠣᠯᠣᠭᠠᠢ ᠡᠳᠦᠷ ᠭᠠᠷᠪᠠᠯ᠂ ᠬᠣᠯᠠ ᠶᠠᠪᠤᠬᠤ ᠳ᠋ᠤ᠌ ᠡᠳ᠋ ᠠᠰᠢᠭ ᠣᠯᠬᠤ ᠶᠡᠬᠡ ᠥᠯᠵᠡᠢᠲᠡᠢ ᠰᠠᠢᠨ ᠪᠣᠢ᠃ *ᠴᠠᠭᠠᠨ ᠪᠠᠷᠰ ᠤ᠋ᠨ ᠬᠠᠪᠢᠷᠭ᠎ᠠ ᠡᠳᠦᠷ ᠭᠠᠷᠪᠠᠯ : ᠰᠠᠢᠨ ᠬᠥᠮᠦᠨ ᠤᠴᠠᠷᠠᠵᠤ᠂ ᠰᠠᠨᠠᠭᠰᠠᠨ ᠬᠡᠷᠡᠭ ᠪᠦᠲᠦᠬᠦ ᠰᠠᠢᠨ ᠪᠣᠢ᠃ ᠴᠠᠭᠠᠨ ᠪᠠᠷᠰ ᠤ᠋ᠨ ᠬᠥᠯ ᠳ᠋ᠦ᠍ ᠭᠠᠷᠪᠠᠯ᠂ ᠰᠠᠨᠠᠭᠰᠠᠨ ᠪᠠ ᠠᠰᠢᠭ ᠦᠯᠦ ᠪᠦᠲᠦᠬᠦ ᠶᠡᠬᠡ ᠮᠠᠭᠤ ᠪᠣᠢ᠃ *ᠬᠠᠷ᠎ᠠ ᠪᠠᠭᠠᠲᠤᠷ ᠡᠳᠦᠷ ᠭᠠᠷᠪᠠᠯ᠂ ᠬᠡᠯᠡ ᠠᠮᠠ ᠪᠣᠯᠵᠤ ᠬᠠᠮᠤᠭ ᠬᠡᠷᠡᠭ ᠪᠦᠲᠦᠬᠦ ᠦᠭᠡᠢ ᠶᠡᠬᠡ ᠮᠠᠭᠤ ᠪᠣᠢ᠃ *ᠬᠥᠬᠡ ᠯᠤᠤ ᠶ᠋ᠢᠨ ᠲᠣᠯᠣᠭᠠᠢ᠂ *ᠬᠥᠬᠡ ᠯᠤᠤ ᠶ᠋ᠢᠨ ᠬᠠᠪᠢᠷᠭ᠎ᠠ ᠡᠳᠦᠷ ᠭᠠᠷᠪᠠᠯ᠂ ᠬᠠᠮᠤᠭ ᠬᠡᠷᠡᠭ ᠰᠠᠳᠬᠢᠴᠢᠯᠡᠨ ᠪᠦᠲᠦᠬᠦ ᠰᠠᠢᠨ ᠪᠣᠢ᠃ *ᠬᠥᠬᠡ ᠯᠤᠤ ᠶ᠋ᠢᠨ ᠬᠥᠯ ᠡᠳᠦᠷ ᠭᠠᠷᠪᠠᠯ᠂ ᠬᠠᠮᠤᠭ ᠰᠠᠨᠠᠭᠰᠠᠨ ᠬᠡᠷᠡᠭ ᠪᠦᠲᠦᠬᠦ ᠦᠭᠡᠢ ᠲᠤᠯᠠ ᠬᠢᠴᠢᠶᠡᠨ ᠴᠡᠭᠡᠷᠯᠡ᠃
ᠬᠡᠷᠪᠡ ᠪᠠᠴᠢᠮ ᠭᠠᠷᠬᠤ ᠪᠣᠯᠤᠭᠠᠳ ᠰᠠᠷ᠎ᠠ ᠡᠳᠦᠷ ᠢ᠋ ᠰᠣᠩᠭᠣᠵᠤ ᠵᠠᠪᠳᠤᠬᠤ ᠦᠭᠡᠢ ᠪᠣᠯ᠄ ᠬᠠᠭᠠᠯᠭᠠᠨ ᠤ᠋ ᠳᠣᠲᠣᠷ᠎ᠠ ᠲᠥᠪ ᠵᠣᠭᠰᠣᠨ ᠪᠠᠷᠠᠭᠤᠨ ᠡᠷᠡᠬᠡᠢ ᠬᠤᠷᠤᠭᠤ ᠪᠠᠷ ᠢ᠋ᠶ᠋ᠠᠨ ᠤᠷᠢᠳᠠᠪᠡᠷ ᠳᠥᠷᠪᠡᠨ ᠭᠤᠯᠳᠤ ᠱᠤᠭᠤᠮ ᠵᠢᠷᠤᠵᠤ᠂ ᠡᠭᠦᠨ ᠦ᠌ ᠪᠡᠨ ᠳᠡᠭᠡᠷ᠎ᠡ ᠨᠢ ᠲᠠᠪᠤᠨ ᠬᠥᠨᠳᠡᠯᠡᠨ ᠱᠤᠭᠤᠮ ᠵᠢᠷᠤᠭᠠᠳ —《ᠵᠠᠮ ᠤ᠋ᠨ ᠲᠡᠭᠷᠢ ᠰᠠᠬᠢᠲᠤᠭᠠᠢ! ᠴᠡᠷᠢᠭ ᠲᠡᠢᠨ ᠬᠤᠯᠠᠭᠠᠢ ᠳᠡᠭᠡᠷᠡᠮ ᠪᠠᠷᠰ ᠴᠢᠨᠣ᠎ᠠ ᠶ᠋ᠢᠨ ᠠᠶᠤᠯ ᠦᠭᠡᠢ ᠪᠡᠷ ᠠᠮᠤᠷ ᠮᠡᠨᠳᠦ ᠬᠠᠷᠢᠵᠤ ᠢᠷᠡᠬᠦ ᠪᠣᠯᠲᠤᠭᠠᠢ!》ᠭᠡᠮᠡᠨ ᠳᠣᠯᠣᠭ᠎ᠠ ᠤᠳᠠᠭ᠎ᠠ ᠬᠡᠯᠡᠭᠡᠳ ᠬᠠᠪᠲᠠᠭᠠᠢ ᠰᠢᠪᠡᠷ ᠢ᠋ᠶ᠋ᠡᠷ ᠳᠠᠷᠤᠨ ᠭᠡᠳᠡᠷᠭᠦ ᠡᠷᠭᠢᠵᠦ ᠬᠠᠷᠠᠯ ᠦᠭᠡᠢ ᠪᠡᠷ ᠶᠠᠪᠤᠪᠠᠰᠤ ᠬᠠᠭᠲᠤᠭᠰᠠᠨ ᠵᠦᠭ ᠳᠠᠢᠰᠤᠨ ᠦᠭᠡᠢ ᠰᠠᠢᠨ᠃
