ᠡᠪᠡᠢ ᠳ᠋ᠸ ᠮᠢᠨᠦ ᠮᠠᠭᠤ ᠬᠠᠨᠢ- ᠣ᠂ᠵᠠᠶᠠᠭ᠎ᠠЭвий дээ миний муу хань-О,Заяа
ᠡᠪᠡᠢ ᠳ᠋ᠸ ᠮᠢᠨᠦ ᠮᠠᠭᠤ ᠬᠠᠨᠢ
ᠣ᠂ ᠵᠠᠶᠠᠭ᠎ᠠ
ᠡᠪᠡᠢ ᠳ᠋ᠸ ᠮᠢᠨᠦ ᠮᠠᠭᠤ ᠬᠠᠨᠢ
ᠡᠷ᠎ᠡ ᠬᠥᠮᠦᠨ ᠨᠡᠷ᠎ᠡ ᠳᠦ ᠪᠡᠨ ᠳᠠᠷᠤᠭᠳᠠᠭᠠᠳ
ᠡᠷᠬᠡᠯᠡᠵᠦ ᠴᠢᠳᠠᠬᠤ ᠦᠭᠡᠢ ᠪᠠᠷᠳᠠᠭᠠᠳ
ᠡᠯᠡᠭᠳᠡᠵᠦ ᠶᠠᠪᠤᠭ᠎ᠠ ᠪᠠᠨ ᠨᠢᠭᠤᠬᠤ ᠭᠡᠰᠡᠨ ᠳᠦ ᠪᠡᠨ
ᠦᠷ᠎ᠡ ᠶ᠋ᠢᠨ ᠢ᠋ᠶ᠋ᠡᠨ ᠲᠥᠯᠥᠭᠡ ᠮᠠᠷᠭᠠᠰᠢ ᠶ᠋ᠢ ᠪᠣᠳᠣᠵᠤ
ᠦᠷ ᠦ᠋ᠨ ᠭᠡᠭᠡ ᠪᠡᠷ ᠠᠵᠢᠯ ᠳᠦ ᠪᠡᠨ ᠭᠠᠷᠬᠤ ᠶᠤᠮ
ᠦᠬᠦᠲᠡᠯ᠎ᠡ ᠪᠡᠨ ᠵᠢᠳᠬᠦᠬᠦ ᠡᠭᠦᠷᠭᠡ ᠠᠪᠤᠭᠰᠠᠨ ᠴᠡᠷᠢᠭ ᠰᠢᠭ ᠯᠡ
ᠦᠳᠡᠰᠢ ᠶ᠋ᠢᠨ ᠪᠦᠷᠦᠢ ᠪᠡᠷ ᠭᠡᠷ ᠦ᠋ᠨ ᠪᠠᠷ᠎ᠠ ᠬᠠᠷᠠᠬᠤ ᠶᠤᠮ
ᠦᠷᠦ ᠡᠪᠡᠳᠬᠦ ᠯᠡ ᠶᠦᠮ ᠳᠡ ᠴᠢᠮᠠᠶ᠋ᠢ ᠪᠠᠨ᠂ ᠬᠠᠨᠢ ᠮᠢᠨᠢ
ᠠᠶᠠᠭ᠎ᠠ ᠴᠠᠢ ᠤᠤᠭᠤᠴᠢᠬᠠᠭᠠᠳ
ᠠᠰᠬᠠᠷᠠᠲᠠᠯ᠎ᠠ ᠬᠥᠯᠥᠷᠡᠬᠦ ᠶ᠋ᠢ ᠨᠢ ᠬᠠᠷᠠᠭᠠᠳ
ᠠᠮᠢᠳᠤᠷᠠᠯ ᠴᠢᠮ᠎ᠠ ᠳ᠋ᠤ᠌ ᠮᠢᠨᠢ ᠳᠡᠩᠳᠡᠭᠦᠦ ᠶᠡᠬᠡ
ᠠᠴᠢᠶ᠎ᠠ ᠲᠣᠬᠣᠭᠠᠳ ᠪᠠᠢᠨ᠎ᠠ ᠤᠤ ᠴᠤ᠌ ᠭᠡᠵᠦ ᠪᠣᠳᠣᠬᠤ ᠶᠤᠮ
ᠠᠴᠢᠶ᠎ᠠ ᠲᠠᠢ ᠲᠡᠮᠡᠭᠡ ᠰᠢᠭ ᠴᠢ ᠮᠢᠨᠢ ᠰᠥᠬᠥᠷᠡᠵᠦ ᠪᠣᠰᠴᠤ ᠵᠢᠳᠬᠦᠭᠰᠡᠭᠡᠷ
ᠠᠵᠠ ᠵᠢᠷᠭᠠᠯ ᠤ᠋ᠨ ᠲᠥᠯᠥᠭᠡ ᠠᠯᠤᠰ ᠤ᠋ᠨ ᠪᠣᠳᠣᠯ ᠳ᠋ᠤ᠌ ᠳᠠᠷᠤᠭᠳᠠᠵᠤ ᠶᠠᠪᠤᠭ᠎ᠠ ᠬᠠᠷᠠᠭᠳᠠᠬᠤ ᠶᠤᠮ
ᠠᠢ ᠳᠠ᠂ ᠬᠠᠨᠢ ᠮᠢᠨᠢ
ᠪᠠᠶᠠᠷᠯᠠᠬᠤ ᠶᠤᠮ ᠳᠠ ᠴᠢᠮ᠎ᠠ ᠳᠦ ᠪᠡᠨ
ᠵᠢᠷᠭᠠᠭᠠᠨ᠎ᠠ ᠭᠡᠵᠦ ᠨᠠᠳᠠ ᠳ᠋ᠤ᠌ ᠠᠮᠠᠯᠠᠭᠰᠠᠨ ᠠᠮᠠᠯᠠᠯᠲᠠ ᠳᠦ ᠪᠡᠨ ᠬᠦᠷᠬᠦ ᠭᠡᠵᠦ ᠵᠢᠳᠬᠦᠭᠡᠳ
ᠵᠢᠭᠠᠯᠬᠠᠨ ᠦᠷᠡᠰ ᠢ᠋ᠶ᠋ᠡᠨ ᠪᠣᠳᠣᠬᠤᠯᠠᠷ ᠤᠨᠲᠠᠬᠤ ᠨᠣᠢᠷ ᠢ᠋ᠶ᠋ᠠᠨ ᠬᠦᠷᠲᠡᠯ᠎ᠡ ᠬᠠᠷᠠᠮᠨᠠᠭᠠᠳ
ᠵᠢᠷᠭᠠᠵᠤ ᠮᠠᠨᠳᠤᠬᠤ ᠨᠠᠷᠠ ᠲᠠᠢ ᠤᠷᠤᠯᠳᠤᠵᠤ ᠭᠦᠶᠦᠭᠰᠡᠭᠡᠷ ᠴᠢ ᠮᠢᠨᠢ
ᠵᠢᠷᠭᠠᠯ ᠭᠤᠨᠢᠭ ᠤ᠋ᠨ ᠰᠡᠭᠦᠳᠡᠷ ᠲᠤ ᠡᠯᠡᠭᠳᠡᠭᠡᠳ ᠪᠠᠢᠨ᠎ᠠ ᠤᠤ ᠳᠠ
ᠵᠣᠷᠢᠭ᠂ ᠵᠢᠷᠦᠬᠡ ᠬᠣᠶᠠᠷ ᠢ᠋ ᠴᠢᠨᠢ ᠪᠢᠰᠢᠷᠡᠵᠦ ᠪᠠᠢᠨ᠎ᠠ ᠂ ᠬᠠᠨᠢ ᠮᠢᠨᠢ
ᠦᠷᠡᠰ ᠮᠢᠨᠢ ᠥᠰᠴᠦ ᠡᠳᠦᠷ ᠡᠳᠦᠷ ᠢ᠋ᠶ᠋ᠡᠷ ᠬᠣᠯᠠᠳᠠᠨ ᠨᠢᠰᠬᠦ ᠶ᠋ᠢᠨ ᠴᠠᠭ
ᠦᠰᠦ ᠵᠢᠰᠦ ᠮᠢᠨᠢ ᠨᠢᠭᠡᠨ ᠳᠦ ᠪᠡᠨ ᠠᠭᠤᠰᠴᠤ ᠨᠢᠭᠡᠳᠴᠦ ᠢᠵᠢᠯᠢᠳᠡᠬᠦ ᠶ᠋ᠢᠨ ᠴᠠᠭ ᠲᠤ᠌
ᠡᠩᠭᠡᠷ ᠲᠦ᠍ ᠮᠢᠨᠢ ᠨᠢᠯᠬᠠᠰᠢᠵᠤ ᠤᠬᠢᠯᠠᠭᠠᠷᠠᠢ᠂ ᠬᠠᠨᠢ ᠮᠢᠨᠢ
ᠡᠷ᠎ᠡ ᠬᠥᠮᠦᠨ ᠨᠡᠷ᠎ᠡ ᠪᠡᠨ ᠭᠡᠭᠡᠵᠦ ᠣᠷᠬᠢᠭᠠᠳ ᠡᠷᠬᠡᠯᠡᠭᠡᠷᠡᠢ᠂ ᠬᠠᠨᠢ ᠮᠢᠨᠢ
ᠡᠪᠡᠢ ᠳ᠋ᠸ ᠮᠢᠨᠦ ᠮᠠᠭᠤ ᠬᠠᠨᠢ
ᠠᠵᠢᠯ ᠲᠠᠷᠬᠠᠭᠠᠳ ᠢᠷᠡᠵᠦ ᠶᠠᠪᠤᠭ᠎ᠠ ᠪᠠᠢᠬ᠎ᠠ
ᠠᠶᠠᠭ᠎ᠠ ᠬᠣᠭᠣᠯᠠ ᠶ᠋ᠢ ᠨᠢ ᠬᠠᠯᠠᠭᠤᠨ ᠪᠠᠢᠯᠭᠠᠶ᠎ᠠ
ᠠᠯᠠᠭ ᠦᠷᠡᠰ ᠢ᠋ᠶ᠋ᠡᠨ ᠰᠠᠨᠠᠭᠠᠳ ᠶᠠᠭᠠᠷᠠᠵᠤ ᠭᠦᠶᠦᠵᠦ ᠶᠠᠪᠤᠭ᠎ᠠ ᠪᠠᠢᠬ᠎ᠠ
ᠢᠨᠢᠶᠡᠭᠡᠳ ᠤᠭᠲᠤᠶ᠎ᠠ
ᠠᠵᠠ ᠵᠢᠷᠭᠠᠯ ᠢ᠋ᠶ᠋ᠠᠨ ᠲᠥᠰᠦᠭᠡᠯᠡᠭᠡᠳ ᠵᠠᠪ ᠦᠭᠡᠢ ᠯᠡ ᠶᠠᠪᠤᠭ᠎ᠠ ᠪᠠᠢᠬ᠎ᠠ
ᠬᠠᠨᠢ ᠨᠢ ᠲᠡᠪᠡᠷᠢᠶ᠎ᠡ
ᠠᠮᠢᠳᠤᠷᠠᠯ ᠢ᠋ ᠮᠢᠨᠢ ᠲᠦᠰᠢᠭᠰᠡᠨ ᠴᠢᠮ᠎ᠠ ᠲᠠᠢ ᠪᠠᠨ
ᠠᠯᠤᠰ ᠢᠷᠡᠭᠡᠳᠦᠢ ᠤᠷᠤᠭᠤ ᠬᠠᠮᠲᠤ ᠠᠯᠬᠤᠨ᠎ᠠ᠂ ᠬᠠᠨᠢ ᠮᠢᠨᠢ
ᠠᠢ ᠳᠠ᠂ ᠬᠠᠨᠢ ᠮᠢᠨᠢ
ᠪᠠᠶᠠᠷᠯᠠᠬᠤ ᠶᠤᠮ ᠳᠠ᠂ ᠴᠢᠮ᠎ᠠ ᠳᠦ ᠪᠡᠨ
ᠵᠣᠷᠢᠭ᠂ ᠵᠢᠷᠦᠬᠡ ᠬᠣᠶᠠᠷ ᠢ᠋ ᠴᠢᠨᠢ ᠪᠢᠰᠢᠷᠡᠵᠦ ᠪᠠᠢᠨ᠎ᠠ᠂ ᠬᠠᠨᠢ ᠮᠢᠨᠢ
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠣ᠎ᠠ
