ᠵᠡᠭᠡᠷᠭᠡᠨ᠎ᠡЗээргэнэ ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠡᠷᠭᠡᠨ᠎ᠡЗээргэнэ

ᠵᠡᠭᠡᠷᠭᠡᠨ᠎ᠡЗээргэнэ

2024-04-10

369

ᠵᠡᠭᠡᠷᠭᠡᠨ᠎ᠡ

       ᠵᠡᠭᠡᠷᠭᠡᠨ᠎ᠡ ᠶ᠋ᠢᠨ ᠢᠵᠠᠭᠤᠷ
       ᠡᠪᠡᠰᠦᠯᠢᠭ ᠤᠷᠭᠤᠮᠠᠯ ᠰᠢᠭ᠋ ᠮᠥᠩᠬᠡ ᠨᠣᠭᠣᠭᠠᠨ ᠪᠢᠴᠢᠬᠠᠨ ᠪᠤᠲᠠ ᠮᠣᠳᠣ᠂ 20—40cm  ᠥᠨᠳᠥᠷ ᠤᠷᠭᠤᠪᠠᠴᠤ ᠶᠡᠷᠦ ᠳ᠋ᠡᠭᠡᠨ ᠮᠣᠳᠣᠵᠢᠭᠰᠠᠨ ᠰᠢᠯᠤᠭᠤᠨ ᠡᠰᠢ ᠦᠭᠡᠢ᠂ ᠮᠣᠳᠣᠵᠢᠭᠰᠠᠨ ᠡᠰᠢ ᠲᠡᠢ ᠪᠠᠢᠪᠠᠴᠤ ᠭᠠᠵᠠᠷ ᠳᠡᠭᠡᠷ᠎ᠡ ᠬᠡᠪᠲᠡᠭᠡ ᠪᠡᠷ ᠤᠷᠭᠤᠵᠤ ᠶᠠᠭ ᠦᠨᠳᠦᠰᠦᠯᠢᠭ ᠡᠰᠢ ᠰᠢᠭ ᠪᠠᠢᠳᠠᠭ᠃ ᠵᠢᠵᠢᠭ ᠮᠥᠴᠢᠷ ᠨᠢ ᠨᠣᠭᠣᠭᠠᠨ᠂ ᠰᠢᠯᠤᠭᠤᠨ ᠪᠤᠶᠤ ᠵᠢᠭᠠᠬᠠᠨ ᠮᠤᠷᠤᠢ᠂ ᠦᠶ᠎ᠡ ᠶ᠋ᠢᠨ ᠵᠠᠢ ᠨᠢ 2.5—5.5cm  (ᠶᠡᠷᠦ ᠳ᠋ᠡᠭᠡᠨ3—4cm)  ᠤᠷᠲᠤ᠂ ᠨᠠᠪᠴᠢ ᠨᠢ ᠲᠣᠷᠭᠠᠨ ᠬᠠᠯᠢᠰᠤᠯᠢᠭ᠂ ᠮᠥᠴᠢᠷ ᠦ᠋ᠨ ᠦᠶ᠎ᠡ ᠳᠡᠭᠡᠷ᠎ᠡ ᠴᠢᠭᠲᠠᠯᠠᠨ ᠤᠷᠭᠤᠵᠤ ᠳᠣᠣᠷᠠᠲᠤ ᠬᠡᠰᠡᠭ ᠦ᠋ᠨ 1/3—2/3 ᠨᠢ ᠬᠠᠷᠢᠯᠴᠠᠨ ᠨᠡᠢᠯᠡᠵᠦ ᠲᠣᠭᠳᠣᠢ ᠬᠡᠯᠪᠡᠷᠢ ᠲᠡᠢ ᠪᠣᠯᠤᠭᠰᠠᠨ ᠪᠠ ᠳᠡᠭᠡᠳᠦ ᠬᠡᠰᠡᠭ ᠲᠡᠭᠡᠨ ᠨᠢᠭᠡ ᠣᠨᠢ ᠲᠠᠢ᠂  ᠭᠤᠷᠪᠠᠯᠵᠢᠨ ᠦᠵᠦᠭᠦᠷ ᠲᠡᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠨᠢᠭᠲᠠᠷᠠᠨ ᠤᠷᠭᠤᠭᠰᠠᠨ ᠣᠯᠠᠨ ᠡᠷ᠎ᠡ ᠴᠡᠴᠡᠭ ᠲᠡᠢ ᠪᠣᠯᠬᠣᠷ ᠨᠡᠢᠯᠡᠮᠡᠯ ᠲᠦᠷᠦᠭᠦᠦ ᠬᠡᠯᠪᠡᠷᠢᠲᠦ ᠪᠠᠭ ᠴᠡᠴᠡᠭ ᠰᠢᠭ᠋ ᠬᠠᠷᠠᠭᠳᠠᠨ᠎ᠠ᠂ ᠶᠡᠷᠦ ᠳ᠋ᠡᠭᠡᠨ ᠳᠥᠷᠪᠡᠨ ᠬᠣᠣᠰ ᠪᠠᠭᠯᠠᠭᠴᠢ ᠢᠯᠲᠠᠰᠤ ᠲᠠᠢ᠃  ᠡᠷ᠎ᠡ  ᠴᠡᠴᠡᠭ  ᠨᠢ 3—8 ᠡᠷ᠎ᠡ ᠲᠣᠭᠣᠷᠴᠣᠭ ᠲᠠᠢ ᠪᠠ ᠲᠡᠭᠦᠨ ᠦ᠌ ᠳᠣᠬᠢᠭᠤᠷ ᠨᠢ ᠬᠠᠷᠢᠯᠴᠠᠨ ᠨᠡᠢᠯᠡᠭᠰᠡᠨ ᠪᠤᠶᠤ ᠣᠷᠣᠢ ᠳ᠋ᠠᠭᠠᠨ ᠵᠢᠭᠠᠬᠠᠨ ᠰᠠᠯᠤᠩᠭᠢ᠃ ᠡᠮ᠎ᠡ ᠪᠠᠭ ᠴᠡᠴᠡᠭ ᠨᠢ ᠮᠥᠴᠢᠷ ᠦ᠋ᠨ ᠣᠷᠣᠢ ᠳ᠋ᠤ᠌ ᠭᠠᠭᠴᠠᠭᠠᠷ ᠤᠷᠭᠤᠨ᠎ᠠ᠂ ᠳᠥᠷᠪᠡᠨ ᠬᠣᠣᠰ ᠪᠠᠭᠯᠠᠭᠴᠢ ᠲᠠᠢ᠂ ᠬᠠᠮᠤᠭ ᠤ᠋ᠨ ᠳᠡᠭᠡᠳᠦ ᠨᠢᠭᠡ ᠬᠣᠣᠰ ᠪᠠᠭᠯᠠᠭᠴᠢ ᠶ᠋ᠢᠨ ᠨᠡᠢᠯᠡᠭᠰᠡᠨ ᠬᠡᠰᠡᠭ ᠨᠢ ᠬᠠᠭᠠᠰ ᠢᠯᠡᠭᠦᠦ ᠪᠥᠭᠡᠳ ᠳᠣᠲᠣᠷ᠎ᠠ ᠨᠢ ᠬᠣᠶᠠᠷ ᠡᠮ᠎ᠡ ᠴᠡᠴᠡᠭ ᠪᠠᠢᠳᠠᠭ᠃ ᠦᠷ᠎ᠡ ᠨᠠᠬᠢᠶᠠᠨ ᠤ᠋ ᠪᠦᠷᠬᠦᠭᠦᠯ ᠦ᠋ᠨ ᠬᠣᠭᠣᠯᠠᠢ ᠨᠢ 1mm  ᠪᠤᠶᠤ ᠵᠢᠭᠠᠬᠠᠨ ᠤᠷᠲᠤ᠂ ᠰᠢᠯᠤᠭᠤᠨ ᠪᠤᠶᠤ ᠪᠠᠬᠠᠨ ᠮᠤᠷᠤᠢ ᠦᠵᠦᠭᠦᠷ ᠲᠡᠢ᠃᠂ ᠡᠮ᠎ᠡ ᠪᠠᠭ ᠴᠡᠴᠡᠭ ᠨᠢ ᠪᠣᠯᠪᠠᠰᠤᠷᠠᠪᠠᠯ ᠪᠠᠭᠯᠠᠭᠴᠢ ᠨᠢ  ᠮᠢᠬᠠᠯᠢᠭᠵᠢᠵᠤ  ᠮᠥᠷᠲᠡᠭᠡᠨ ᠤᠯᠠᠭᠠᠨ ᠥᠩᠭᠡᠲᠡᠢ ᠪᠣᠯᠬᠤ ᠠ᠋ᠴᠠ ᠶᠠᠭ ᠰᠢᠭᠦᠰᠦᠯᠢᠭ ᠵᠢᠮᠢᠰ ᠰᠢᠭ ᠪᠠᠢᠳᠠᠭ᠃ ᠦᠷ᠎ᠡ ᠨᠢ ᠶᠡᠷᠦ ᠳ᠋ᠡᠭᠡᠨ ᠬᠣᠶᠠᠷ᠂ ᠤᠯᠠᠭᠠᠨ ᠥᠩᠭᠡᠲᠡᠢ ᠮᠢᠬᠠᠯᠢᠭ ᠪᠠᠭᠯᠠᠭᠴᠢ ᠶ᠋ᠢᠨ ᠳᠣᠲᠣᠷ᠎ᠠ ᠪᠠᠢᠳᠠᠭ᠃
       ᠬᠠᠢᠷ ᠴᠢᠯᠠᠭᠤᠯᠢᠭ ᠭᠠᠩ ᠬᠠᠭᠤᠷᠠᠢ ᠭᠠᠵᠠᠷ᠂ ᠡᠯᠡᠰᠦᠨ ᠳᠠᠩ ᠪᠠ ᠲᠣᠭᠲᠠᠪᠤᠷᠢᠵᠢᠭᠰᠠᠨ ᠡᠯᠡᠰᠦᠨ ᠳᠣᠪᠣ ᠳᠡᠭᠡᠷ᠎ᠡ ᠣᠯᠠᠨ ᠤᠷᠭᠤᠨ᠎ᠠ᠃
       ᠮᠠᠨ ᠤ᠋ ᠤᠯᠤᠰ ᠤ᠋ᠨ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨ ᠰᠢ᠂ ᠾᠧᠨᠠᠨ᠂ᠱᠠᠨᠰᠢ᠂ ᠭᠠᠨᠰᠦ᠂ ᠰᠢᠨ ᠵᠢᠶᠠᠩ ᠳ᠋ᠤ᠌ ᠪᠦᠷ ᠤᠷᠭᠤᠳᠠᠭ᠃
       ᠨᠠᠪᠴᠢ ᠮᠥᠴᠢᠷ ᠨᠢ ᠬᠠᠨᠢᠶᠠᠳᠤ ᠶ᠋ᠢ ᠳᠠᠷᠤᠬᠤ ᠪᠠ ᠬᠥᠯᠥᠰᠥ ᠭᠠᠷᠭᠠᠬᠤ ᠴᠢᠬᠤᠯᠠ ᠡᠮ ᠮᠥᠨ᠃ ᠭᠡᠪᠡᠴᠦ ᠦᠨᠳᠦᠰᠦ ᠨᠢ ᠬᠥᠯᠥᠰᠥ ᠵᠣᠭᠰᠣᠭᠠᠬᠤ ᠦᠢᠯᠡᠳᠦᠯ ᠲᠡᠢ᠃
       ᠬᠢᠲᠠᠳ ᠨᠡᠷ᠎ᠡ᠄麻黄
       ᠠᠩᠭ᠌ᠯᠢ ᠨᠡᠷ᠎ᠡ᠄ Ephedra sinica Stapf

       ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
       ᠬᠢᠨᠠᠭᠴᠢ᠄ ᠲᠤᠶᠠᠭ᠎ᠠ