ᠮᠠᠯ ᠤᠨ ᠴᠤᠪᠤᠭ᠎ᠠ – ᠴᠣ ᠂ ᠣᠷᠱᠤᠨ Малын цуваа – Чо ᠂ Оршин
ᠮᠠᠯ ᠤᠨ ᠴᠤᠪᠤᠭ᠎ᠠ
ᠰᠢᠷᠢᠩᠭᠢᠲᠤ ᠮᠠᠩᠬ᠎ᠠ ᠪᠠᠷ ᠵᠢᠷᠢᠢᠭᠰᠡᠨ
ᠪᠤᠷᠭᠠᠰᠤᠲᠤ ᠪᠤᠯᠳᠤᠷᠤᠤ ᠪᠠᠷ ᠰᠦᠯᠵᠢᠯᠳᠦᠵᠦ
ᠪᠤᠯᠠᠭ ᠤ᠋ᠨ ᠬᠥᠪᠡᠭᠡ ᠲᠤᠯᠤᠭᠰᠠᠨ
ᠮᠠᠯ ᠤ᠋ᠨ ᠨᠠᠷᠢᠬᠠᠨ ᠴᠤᠪᠤᠭ᠎ᠠ ᠶ᠋ᠢ
ᠮᠠᠯᠴᠢᠳ ᠶᠡᠷᠦ ᠠᠨᠳᠠᠬᠤ ᠦᠭᠡᠢ᠃
ᠪᠣᠷᠣᠭ᠎ᠠ ᠴᠠᠰᠤᠨ ᠤ᠋ ᠤᠬᠢᠶᠠᠯᠲᠠ ᠳ᠋ᠤ᠌
ᠪᠤᠯᠠᠭᠳᠠᠵᠤ ᠶᠡᠷᠦ ᠦᠵᠡᠭᠡ ᠦᠭᠡᠢ
ᠬᠠᠷᠠᠩᠭᠤᠢ ᠪᠦᠷᠦᠭ ᠦ᠋ᠨ ᠠᠯᠢᠨ ᠳ᠋ᠤ᠌ ᠴᠤ᠌
ᠬᠠᠯᠴᠠᠷᠠᠵᠤ ᠮᠥᠷ ᠨᠢ ᠪᠠᠯᠠᠷᠠᠭ᠎ᠠ ᠦᠭᠡᠢ
ᠮᠠᠯ ᠤ᠋ᠨ ᠨᠠᠷᠢᠬᠠᠨ ᠴᠤᠪᠤᠭ᠎ᠠ
ᠮᠠᠯᠴᠢᠳ ᠲᠤ ᠡᠩᠬᠦᠷᠡᠢ ᠰᠠᠨᠠᠭᠳᠠᠳᠠᠭ᠃
ᠪᠤᠳᠠᠩ ᠮᠠᠨᠠᠨ ᠲᠠᠢ ᠥᠷᠯᠥᠭᠡ
ᠴᠤᠪᠤᠭᠠᠳ ᠮᠠᠯ ᠮᠢᠨᠢ ᠪᠡᠯᠴᠢᠳᠡᠭ
ᠪᠤᠷᠭᠠᠨᠢᠭᠰᠠᠨ ᠴᠠᠰᠤ ᠲᠠᠢ ᠦᠳᠡᠰᠢ
ᠪᠤᠴᠠᠭᠠᠳ ᠮᠠᠯ ᠮᠢᠨᠢ ᠢᠷᠡᠳᠡᠭ
ᠮᠠᠯ ᠤ᠋ᠨ ᠨᠠᠷᠢᠬᠠᠨ ᠴᠤᠪᠤᠭ᠎ᠠ ᠶ᠋ᠢ
ᠮᠠᠯᠴᠢᠳ ᠳᠣᠲᠣᠨᠣ ᠬᠠᠢᠷᠠᠯᠠᠳᠠᠭ᠃
ᠤᠰᠤ᠂ ᠪᠡᠯᠴᠢᠭᠡᠷ᠂ ᠭᠡᠷ ᠢ᠋
ᠬᠣᠯᠪᠣᠵᠤ ᠪᠠᠢᠳᠠᠭ ᠰᠤᠳᠠᠯ
ᠤᠷᠢᠳᠤ ᠳᠡᠭᠡᠳᠦ ᠶ᠋ᠢᠨ ᠵᠠᠶᠠᠭ᠎ᠠ ᠪᠠᠷ
ᠨᠤᠲᠤᠭ ᠢ᠋ᠶ᠋ᠠᠨ ᠡᠮᠵᠢᠭᠰᠡᠨ ᠮᠥᠷ
ᠮᠠᠯ ᠤ᠋ᠨ ᠨᠠᠷᠢᠬᠠᠨ ᠴᠤᠪᠤᠭ᠎ᠠ ᠶ᠋ᠢ
ᠮᠠᠯᠴᠢᠳ ᠬᠡᠵᠢᠶᠡᠳᠡ ᠡᠷᠬᠢᠮᠯᠡᠳᠡᠭ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 29
