ᠰᠢᠷ᠎ᠠ ᠵᠡᠭᠡᠷᠭᠡᠨ᠎ᠡШар зээргэнэ

ᠰᠢᠷ᠎ᠠ ᠵᠡᠭᠡᠷᠭᠡᠨ᠎ᠡ (ᠬᠣᠨᠢᠨ ᠵᠡᠭᠡᠷᠭᠡᠨ᠎ᠡ)
ᠵᠡᠭᠡᠷᠭᠡᠨ᠎ᠡ ᠶ᠋ᠢᠨ ᠢᠵᠠᠭᠤᠷ
ᠪᠤᠲᠠ ᠮᠣᠳᠣ᠂ 60—24cm ᠥᠨᠳᠥᠷ᠂ ᠰᠠᠬᠤᠯᠢᠭ ᠰᠠᠯᠠᠭ᠎ᠠ ᠮᠥᠴᠢᠷ ᠲᠡᠢ᠃ ᠭᠣᠣᠯ ᠮᠥᠴᠢᠷ ᠨᠢ ᠪᠦᠳᠦᠭᠦᠨ᠂ ᠰᠢᠯᠤᠭᠤᠨ ᠪᠥᠭᠡᠳ ᠴᠠᠢᠪᠤᠷ ᠰᠢᠷ᠎ᠠ ᠪᠤᠶᠤ ᠴᠠᠢᠪᠤᠷ ᠬᠦᠷᠡᠩ᠃ ᠨᠢᠯᠬ᠎ᠠ ᠮᠥᠴᠢᠷ ᠨᠢ ᠶᠡᠷᠦ ᠳ᠋ᠡᠭᠡᠨ ᠳᠤᠭᠤᠢᠷᠠᠨ ᠤᠷᠭᠤᠨ᠎ᠠ᠂ ᠬᠠᠲᠠᠭᠤ ᠪᠥᠭᠡᠳ ᠠᠷᠵᠠᠭᠠᠷ᠂ ᠳᠡᠭᠡᠷ᠎ᠡ ᠪᠡᠨ ᠦᠰᠦ ᠲᠡᠢ᠂ ᠦᠵᠦᠭᠦᠷ ᠨᠢ ᠭᠠᠷᠠᠬ᠎ᠠ ᠰᠢᠭ᠋ ᠮᠠᠲᠠᠷᠢᠵᠤ ᠤᠷᠭᠤᠭᠰᠠᠨ ᠶᠤᠮ᠂ ᠰᠢᠷᠠᠪᠲᠤᠷ ᠨᠣᠭᠣᠭᠠᠨ᠂ ᠦᠶ᠎ᠡ ᠶ᠋ᠢᠨ ᠵᠠᠢ ᠨᠢ 2.5—5cm ᠤᠷᠲᠤ᠃ ᠨᠠᠪᠴᠢ ᠨᠢ ᠭᠤᠷᠪᠠᠯᠵᠢᠨ᠂ ᠴᠢᠭᠲᠠᠯᠠᠨ ᠤᠷᠭᠤᠨ᠎ᠠ᠂ ᠲᠣᠷᠭᠠᠨ ᠬᠠᠯᠢᠰᠤᠯᠢᠭ᠂ ᠤᠯᠠᠪᠤᠷ ᠬᠦᠷᠡᠩ᠂ ᠳᠣᠣᠷᠠᠲᠤ ᠬᠡᠰᠡᠭ ᠢ᠋ᠶ᠋ᠡᠷ ᠢ᠋ᠶ᠋ᠡᠨ ᠨᠡᠢᠯᠡᠵᠦ ᠲᠣᠭᠳᠣᠢ ᠬᠡᠯᠪᠡᠷᠢ ᠲᠡᠢ ᠪᠣᠯᠤᠨ᠎ᠠ᠂ ᠣᠷᠣᠢ ᠳ᠋ᠠᠭᠠᠨ ᠬᠣᠶᠠᠷ ᠪᠤᠶᠤ ᠨᠢᠭᠡ ᠣᠨᠢ ᠲᠠᠢ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠪᠠᠷᠢᠭᠤᠯ ᠦᠭᠡᠢ᠂ ᠳᠤᠭᠤᠢᠷᠠᠨ ᠤᠷᠭᠤᠭᠰᠠᠨ4—6 ᠬᠦᠢᠰ ᠴᠡᠴᠡᠭ ᠲᠡᠢ ᠪᠤᠶᠤ ᠴᠢᠭᠲᠠᠯᠠᠨ ᠤᠷᠭᠤᠭᠰᠠᠨ2 ᠬᠦᠢᠰ ᠴᠡᠴᠡᠭ ᠲᠡᠢ ᠪᠥᠭᠡᠳ 3—4 ᠴᠠᠭᠠᠷᠢᠭ ᠬᠠᠯᠢᠰᠤᠯᠢᠭ ᠪᠠᠭᠯᠠᠭᠴᠢ ᠲᠠᠢ᠃ ᠡᠷ᠎ᠡ ᠴᠡᠴᠡᠭ ᠨᠢ 7—8 ᠡᠷ᠎ᠡ ᠲᠣᠭᠣᠷᠴᠣᠭ ᠲᠠᠢ᠃ ᠡᠮ᠎ᠡ ᠪᠠᠭ ᠴᠡᠴᠡᠭ ᠨᠢ 2—3 ᠬᠦᠢᠰ ᠴᠡᠴᠡᠭ ᠲᠡᠢ᠂ ᠪᠥᠮᠪᠥᠭᠡᠯᠢᠭ᠂ ᠪᠠᠭᠯᠠᠭᠴᠢ ᠨᠢ 4—5 ᠴᠠᠭᠠᠷᠢᠭ᠂ ᠡᠮᠲᠡᠷᠬᠡᠢ ᠬᠠᠯᠢᠰᠤᠯᠢᠭ ᠬᠥᠪᠡᠭᠡ ᠲᠡᠢ᠂ ᠪᠦᠷ ᠲᠤᠰᠠᠭᠠᠷ ᠪᠠᠢᠳᠠᠭ ᠪᠠ ᠬᠠᠮᠤᠭ ᠤ᠋ᠨ ᠳᠡᠭᠡᠷᠡᠬᠢ ᠨᠢᠭᠡ ᠴᠠᠭᠠᠷᠢᠭ ᠪᠠᠭᠯᠠᠭᠴᠢ ᠨᠢ ᠲᠤᠰ ᠪᠦᠷᠢ ᠨᠢᠭᠡ ᠡᠮ᠎ᠡ ᠴᠡᠴᠡᠭ ᠲᠡᠢ᠃ ᠦᠷ᠎ᠡ ᠨᠠᠬᠢᠶᠠᠨ ᠤ᠋ ᠪᠦᠷᠬᠦᠭᠦᠯ ᠦ᠋ᠨ ᠬᠣᠭᠣᠯᠠᠢ ᠨᠢ 1.5—2mm ᠤᠷᠲᠤ᠂ ᠴᠤᠬᠤᠢᠨ ᠭᠠᠷᠳᠠᠭ᠃ ᠦᠷ᠎ᠡ ᠨᠢ ᠶᠡᠷᠦ ᠳ᠋ᠡᠭᠡᠨ ᠭᠤᠷᠪᠠ (ᠴᠥᠭᠡᠨ ᠳ᠋ᠡᠭᠡᠨ ᠬᠣᠶᠠᠷ)᠂ ᠤᠷᠲᠤ ᠥᠨᠳᠡᠭᠡᠯᠵᠢᠨ ᠪᠥᠭᠡᠳ᠂ ᠲᠣᠷᠭᠠᠨ ᠬᠠᠯᠢᠰᠤᠯᠢᠭ ᠪᠠᠭᠯᠠᠭᠴᠢ ᠲᠠᠢ᠃
ᠭᠣᠪᠢ ᠮᠠᠩᠬ᠎ᠠ ᠶ᠋ᠢᠨ ᠨᠡᠢᠲᠡᠮᠯᠢᠭ ᠤᠷᠭᠤᠮᠠᠯ᠂ ᠣᠯᠠᠩᠬᠢ ᠳ᠋ᠠᠭᠠᠨ ᠨᠡᠯᠢᠶᠡᠳ ᠶᠡᠬᠡ ᠲᠠᠯᠠᠪᠠᠢ ᠳ᠋ᠤ᠌ ᠪᠦᠯᠦᠭᠯᠡᠨ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠭᠠᠨᠰᠦ᠂ ᠰᠢᠨᠵᠢᠶᠠᠩ᠂ ᠬᠥᠬᠡᠨᠠᠭᠤᠷ ᠵᠡᠷᠭᠡ ᠮᠣᠵᠢ ᠣᠷᠣᠨ ᠢ᠋ᠶ᠋ᠠᠷ ᠤᠷᠭᠤᠳᠠᠭ᠃
ᠬᠣᠣᠷᠲᠤ ᠤᠷᠭᠤᠮᠠᠯ᠃ ᠡᠮ ᠳ᠋ᠦ᠍ ᠣᠷᠣᠨ᠎ᠠ᠃ ᠡᠯᠡᠰᠦ ᠲᠣᠭᠲᠠᠭᠠᠬᠤ ᠤᠷᠭᠤᠮᠠᠯ ᠪᠣᠯᠭᠠᠵᠤ ᠪᠣᠯᠤᠨ᠎ᠠ᠃
ᠬᠢᠲᠠᠳ ᠨᠡᠷ᠎ᠡ膜果麻黄
ᠠᠩᠭ᠌ᠯᠢ ᠨᠡᠷ᠎ᠡ᠄Ephedra przewalskii Stapf
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠲᠤᠶᠠᠭ᠎ᠠ
