ᠲᠠᠩᠰᠤᠭ ᠯᠠᠮᠠ ᠶᠢᠨ ᠰᠠᠢᠨ ᠮᠠᠭᠤ ᠶᠢᠨ ᠲᠠᠢᠯᠪᠤᠷᠢᠯᠠᠯ Тансаг ламын сайн муугийн тайлбарлал
ᠬᠥᠬᠡᠭᠴᠢᠨ ᠦᠬᠡᠷ᠂ ᠤᠯᠠᠭᠠᠨ ᠪᠠᠷᠰ ᠡᠳᠦᠷ : ᠠᠨᠠᠨᠳᠠ ᠲᠡᠭᠷᠢ ᠯᠦ᠍ᠭᠡ ᠤᠴᠠᠷᠠᠵᠤ ᠣᠯᠠᠨ ᠢ ᠲᠤᠰᠠᠯᠠᠮᠤᠢ᠂ ᠪᠤᠶᠠᠨ ᠨᠣᠮ ᠭᠡᠪᠡᠰᠦ ᠨᠢᠭᠦᠯ ᠪᠣᠯᠤᠭᠠᠳ ᠡᠳ᠋ ᠮᠠᠯ ᠰᠠᠷᠨᠢᠬᠤ ᠡᠪᠡᠳᠴᠢᠨ ᠲᠠᠬᠤᠯ ᠣᠷᠣᠬᠤ ᠶᠡᠬᠡ ᠮᠠᠭᠤ ᠃
ᠰᠢᠷ᠎ᠠ ᠯᠤᠤ ᠰᠢᠷᠬᠠᠴᠢᠨ ᠮᠣᠭᠠᠢ ᠡᠳᠦᠷ : ᠬᠣᠣᠷᠲᠤ ᠬᠥᠪᠡᠭᠦᠨ ᠴᠢᠳᠬᠥᠷ ᠡᠵᠡᠯᠡᠮᠦᠢ᠂ ᠨᠣᠮ ᠪᠤᠶᠠᠨ ᠦᠢᠯᠡᠳᠪᠡᠰᠦ ᠡᠳ᠋ ᠮᠠᠯ ᠳ᠋ᠤᠷ ᠬᠠᠷᠰᠢᠯ ᠪᠣᠯᠵᠤ ᠨᠠᠰᠤᠨ ᠪᠠᠭᠤᠷᠠᠬᠤ ᠶᠡᠬᠡ ᠮᠠᠭᠤ᠃
ᠴᠠᠭᠠᠨ ᠮᠣᠷᠢᠨ ᠡᠳᠦᠷ : ᠬᠥᠬᠡ ᠳᠡᠪᠡᠯᠲᠦ ᠪᠣᠳᠢᠰᠠᠳ᠋ᠸ᠎ᠠ ᠡᠵᠡᠯᠡᠮᠦᠢ᠂ ᠨᠣᠮ ᠪᠤᠶᠠᠨ ᠦᠢᠯᠡᠳᠪᠡᠰᠦ ᠨᠡᠷ᠎ᠡ ᠮᠠᠨᠳᠤᠨ ᠡᠳ᠋ ᠮᠠᠯ ᠪᠤᠶᠠᠨ ᠬᠡᠰᠢᠭ ᠥᠯᠵᠡᠢ ᠳᠡᠯᠭᠡᠷᠡᠬᠦ ᠮᠠᠰᠢ ᠰᠠᠢᠨ᠃
ᠴᠠᠭᠠᠭᠴᠢᠨ ᠬᠣᠨᠢ ᠡᠳᠦᠷ ᠂ ᠭᠤᠷᠪᠠᠨ ᠣᠷᠣᠨ ᠤ᠋ ᠥᠯᠥᠨ ᠴᠢᠳᠬᠥᠷ ᠡᠵᠡᠯᠡᠮᠦᠢ᠂ ᠶᠠᠮᠠᠷᠴᠤ ᠦᠢᠯᠡᠰ ᠦᠢᠯᠡᠳᠦᠭᠰᠡᠨ ᠴᠦ᠍ ᠬᠠᠷᠢᠨ ᠭᠠᠮᠰᠢᠭ ᠵᠣᠪᠠᠯᠠᠩ ᠪᠣᠯᠤᠭᠠᠳ ᠡᠳ᠋ ᠮᠠᠯ ᠰᠠᠷᠨᠢᠬᠤ ᠶᠡᠬᠡ ᠮᠠᠭᠤ᠃
ᠬᠠᠷ᠎ᠠ ᠪᠠᠴᠢ ᠬᠠᠷᠠᠭᠴᠢᠨ ᠲᠠᠬᠢᠶ᠎ᠠ ᠡᠳᠦᠷ : ᠡᠷᠯᠢᠭ ᠦ᠋ᠨ ᠢᠯᠭᠠᠭᠴᠢ ᠲᠦᠰᠢᠮᠡᠯ ᠡᠵᠡᠯᠡᠮᠦᠢ᠂ ᠠᠯᠢᠪᠠ ᠨᠣᠮ ᠪᠤᠶᠠᠨ ᠨᠡᠷ᠎ᠡ ᠵᠡᠷᠭᠡ ᠡᠷᠢᠬᠦ ᠪᠣᠯᠪᠠᠰᠤ ᠬᠠᠷᠢᠨ ᠨᠢᠭᠡᠨ ᠵᠢᠯ ᠦ᠋ᠨ ᠳᠣᠲᠣᠷ᠎ᠠ ᠵᠣᠪᠠᠯᠠᠩ ᠪᠣᠯᠬᠤ ᠶᠡᠬᠡ ᠮᠠᠭᠤ᠃
ᠬᠥᠬᠡ ᠨᠣᠬᠠᠢ ᠬᠥᠬᠡᠭᠴᠢᠨ ᠭᠠᠬᠠᠢ ᠤᠯᠠᠭᠠᠨ ᠬᠤᠯᠤᠭᠠᠨ᠎ᠠ ᠤᠯᠠᠭᠴᠢᠨ ᠦᠬᠡᠷ ᠰᠢᠷ᠎ᠠ ᠪᠠᠷᠰ ᠰᠢᠷᠠᠭᠴᠢᠨ ᠲᠠᠤᠯᠠᠢ ᠡᠳᠦᠷ : ᠾᠡᠶᠠᠩᠬᠢᠷᠤᠡ ᠪᠤᠷᠬᠠᠨ ᠡᠵᠡᠯᠡᠮᠦᠢ᠂ ᠨᠣᠮ ᠪᠤᠶᠠᠨ ᠭᠡᠪᠡᠰᠦ ᠪᠤᠶᠠᠨ ᠬᠡᠰᠢᠭ ᠨᠡᠮᠡᠬᠦ ᠠᠯᠢᠪᠠ ᠦᠢᠯᠡᠰ ᠪᠦᠲᠦᠬᠦ ᠶᠡᠬᠡ ᠰᠠᠢᠨ᠃
ᠴᠠᠭᠠᠨ ᠯᠤᠤ ᠴᠠᠭᠠᠭᠴᠢᠨ ᠮᠣᠭᠠᠢ ᠬᠠᠷ᠎ᠠ ᠮᠣᠷᠢ ᠡᠳᠦᠷ : ᠱᠠᠩ ᠨᠢᠩ ᠲᠡᠭᠷᠢ ᠲᠣᠭᠰᠢᠨ ᠴᠢᠳᠬᠥᠷ ᠬᠣᠶᠠᠷ ᠡᠵᠡᠯᠡᠮᠦᠢ᠂ ᠨᠣᠮ ᠪᠤᠶᠠᠨ ᠦᠢᠯᠡᠳᠪᠡᠰᠦ ᠪᠤᠶᠠᠨ ᠬᠡᠰᠢᠭ ᠪᠠᠭᠤᠷᠠᠬᠤ ᠡᠪᠡᠳᠴᠢᠨ ᠲᠠᠬᠤᠯ ᠪᠣᠯᠬᠤ ᠶᠡᠬᠡ ᠮᠠᠭᠤ᠃
ᠬᠠᠷᠠᠭᠴᠢᠨ ᠬᠣᠨᠢᠨ ᠡᠳᠦᠷ᠄ ᠡᠮ᠎ᠡ ᠦᠨᠡᠭᠡᠨ ᠤ ᠲᠡᠭᠷᠢ ᠡᠵᠡᠯᠡᠮᠦᠢ᠂ ᠨᠣᠮ ᠪᠤᠶᠠᠨ ᠦᠢᠯᠡᠳᠪᠡᠰᠦ ᠨᠢᠭᠡᠨ ᠵᠢᠯ ᠦ᠋ᠨ ᠳᠣᠲᠣᠷ᠎ᠠ ᠶᠡᠬᠡ ᠭᠠᠮᠰᠢᠭ ᠪᠣᠯᠤᠭᠠᠳ ᠡᠳ᠋ ᠮᠠᠯ ᠰᠠᠷᠨᠢᠬᠤ ᠶᠡᠬᠡ ᠮᠠᠭᠤ᠃
ᠬᠥᠬᠡ ᠪᠠᠴᠢ ᠬᠥᠬᠡᠭᠴᠢᠨ ᠲᠠᠬᠢᠶ᠎ᠠ ᠤᠯᠠᠭᠠᠨ ᠨᠣᠬᠠᠢ ᠡᠳᠦᠷ : ᠠᠪᠢᠳᠠ ᠪᠤᠷᠬᠠᠨ ᠨᠣᠮ ᠨᠣᠮᠯᠠᠭᠰᠠᠨ ᠪᠣᠢ ᠂ ᠪᠤᠶᠠᠨ ᠦᠢᠯᠡᠳᠴᠦ ᠦᠭᠯᠢᠭᠡᠡ ᠥᠭᠪᠡᠯ ᠦᠷ᠎ᠡ ᠰᠠᠳᠤᠨ ᠳᠡᠯᠭᠡᠷᠡᠭᠡᠳ ᠦᠷᠭᠦᠯᠵᠢ ᠲᠡᠭᠷᠢ ᠯᠤᠤᠰ ᠢᠪᠡᠭᠡᠬᠦ ᠶᠡᠬᠡ ᠰᠠᠢᠨ᠃
ᠤᠯᠠᠭᠠᠨ ᠭᠠᠬᠠᠢ ᠡᠳᠦᠷ : ᠤᠯᠠᠭᠴᠢᠨ ᠱᠠᠭᠠᠵᠠᠭᠠᠢ ᠶ᠋ᠢᠨ ᠲᠡᠭᠷᠢ ᠡᠵᠡᠯᠡᠮᠦᠢ᠂ ᠨᠣᠮ ᠪᠤᠶᠠᠨ ᠦᠢᠯᠡᠳᠪᠡᠰᠦ ᠵᠠᠷᠭᠤ ᠲᠡᠮᠡᠴᠡᠯ ᠬᠡᠯᠡ ᠠᠮᠠ ᠪᠣᠯᠵᠤ ᠡᠪᠡᠳᠴᠢᠨ ᠲᠠᠬᠤᠯ ᠣᠷᠣᠬᠤ ᠶᠡᠬᠡ ᠮᠠᠭᠤ᠃
ᠰᠢᠷ᠎ᠠ ᠬᠤᠯᠤᠭᠠᠨ᠎ᠠ ᠡᠳᠦᠷ : ᠡᠷᠯᠢᠭ ᠬᠠᠭᠠᠨ ᠤ᠋ ᠡᠯᠴᠢ ᠡᠵᠡᠯᠡᠮᠦᠢ ᠂ ᠨᠣᠮ ᠪᠤᠶᠠᠨ ᠦᠢᠯᠡᠳᠪᠡᠰᠦ ᠡᠪᠡᠳᠴᠢᠨ ᠲᠠᠬᠤᠯ ᠪᠣᠯᠬᠤ᠂ ᠬᠡᠯᠡ ᠠᠮᠠ ᠪᠣᠯᠵᠤ ᠡᠳ᠋ ᠮᠠᠯ ᠰᠠᠷᠨᠢᠬᠤ ᠶᠡᠬᠡ ᠮᠠᠭᠤ᠃
ᠰᠢᠷᠠᠭᠴᠢᠨ ᠦᠬᠡᠷ ᠡᠳᠦᠷ : ᠭᠠᠯ ᠤ᠋ᠨ ᠬᠠᠭᠠᠨ ᠤ᠋ ᠡᠯᠴᠢ ᠶᠢᠷᠲᠢᠨᠴᠦ ᠳ᠋ᠦ᠍ ᠵᠠᠯᠠᠷᠠᠵᠤ ᠣᠯᠠᠨ ᠠᠮᠢᠲᠠᠨ ᠢ ᠲᠤᠰᠠᠯᠠᠮᠤᠢ᠂ ᠡᠨᠡ ᠡᠳᠦᠷ ᠨᠣᠮ ᠪᠤᠶᠠᠨ ᠦᠢᠯᠡᠳᠪᠡᠯ ᠡᠳ᠋ ᠠᠰᠢᠭ ᠠᠷᠪᠢᠵᠢᠬᠤ ᠶᠡᠬᠡ ᠰᠠᠢᠨ᠃
ᠴᠠᠭᠠᠨ ᠪᠠᠷᠰ ᠴᠠᠭᠠᠭᠴᠢᠨ ᠲᠠᠤᠯᠠᠢ ᠡᠳᠦᠷ : ᠠᠳᠤᠭᠤᠰᠤᠨ ᠤ᠋ ᠲᠡᠭᠷᠢ ᠡᠵᠡᠯᠡᠮᠦᠢ᠂ ᠪᠤᠶᠠᠨ ᠨᠣᠮ ᠦᠢᠯᠡᠳᠪᠡᠰᠦ ᠨᠠᠰᠤᠨ ᠥᠯᠵᠡᠢ ᠪᠠᠭᠤᠷᠠᠬᠤ᠂ ᠡᠳ᠋ ᠮᠠᠯ ᠰᠠᠷᠨᠢᠬᠤ᠂ ᠬᠡᠯᠡ ᠠᠮᠠ ᠪᠣᠯᠬᠤ ᠶᠡᠬᠡ ᠮᠠᠭᠤ᠃
ᠬᠠᠷ᠎ᠠ ᠯᠤᠤ ᠡᠳᠦᠷ : ᠠᠨᠠᠨᠳᠠ ᠪᠠ ᠪᠣᠳᠢᠰᠠᠳ᠋ᠸ᠎ᠠ ᠨᠠᠷ ᠡᠵᠡᠯᠡᠮᠦᠢ᠂ ᠨᠣᠮ ᠪᠤᠶᠠᠨ ᠦᠢᠯᠡᠳᠪᠡᠰᠦ ᠦᠷ᠎ᠡ ᠰᠠᠳᠤᠨ ᠳᠡᠯᠭᠡᠷᠡᠵᠦ ᠭᠤᠷᠪᠠᠨ ᠵᠢᠯ ᠦ᠋ᠨ ᠳᠣᠲᠣᠷ᠎ᠠ ᠣᠯᠠᠨ ᠪᠤᠶᠠᠨ ᠢ ᠬᠤᠷᠢᠶᠠᠮᠤᠢ᠂ ᠶᠡᠬᠡ ᠰᠠᠢᠨ᠃
ᠬᠠᠷᠠᠭᠴᠢᠨ ᠮᠣᠭᠠᠢ ᠡᠳᠦᠷ ᠄ ᠲᠣᠭᠰᠢᠨ ᠲᠡᠭᠷᠢ ᠶᠢᠷᠲᠢᠨᠴᠦ ᠶ᠋ᠢ ᠡᠷᠭᠢᠮᠦᠢ᠂ ᠨᠣᠮ ᠪᠤᠶᠠᠨ ᠦᠢᠯᠡᠳᠪᠡᠰᠦ ᠪᠤᠶᠠᠨ ᠬᠡᠰᠢᠭ ᠪᠠᠭᠤᠷᠠᠬᠤ ᠭᠤᠷᠪᠠᠨ ᠵᠢᠯ ᠭᠠᠮᠰᠢᠭ ᠵᠣᠪᠠᠯᠠᠩ ᠪᠣᠯᠬᠤ ᠶᠡᠬᠡ ᠮᠠᠭᠤ᠃
ᠬᠥᠬᠡ ᠮᠣᠷᠢ ᠬᠥᠬᠡᠭᠴᠢᠨ ᠬᠣᠨᠢ ᠤᠯᠠᠭᠠᠨ ᠪᠠᠴᠢ ᠤᠯᠠᠭᠠᠴᠢᠨ ᠲᠠᠬᠢᠶ᠎ᠠ ᠰᠢᠷ᠎ᠠ ᠨᠣᠬᠠᠢ ᠰᠢᠷᠠᠭᠴᠢᠨ ᠭᠠᠬᠠᠢ ᠴᠠᠭᠠᠨ ᠬᠤᠯᠤᠭᠠᠨ᠎ᠠ ᠴᠠᠭᠠᠭᠴᠢᠨ ᠦᠬᠡᠷ ᠡᠳᠦᠷ : ᠮᠠᠨᠽᠤᠰᠢᠷᠢ ᠬᠣᠮᠰᠢᠮ ᠪᠣᠳᠢᠰᠠᠳ᠋ᠸ᠎ᠠ ᠡᠵᠡᠯᠡᠮᠦᠢ ᠂ ᠨᠣᠮ ᠪᠤᠶᠠᠨ ᠦᠢᠯᠡᠳᠪᠡᠯ ᠴᠠᠭᠯᠠᠰᠢ ᠦᠭᠡᠢ ᠪᠤᠶᠠᠨ ᠬᠡᠰᠢᠭ ᠠᠷᠪᠢᠵᠢᠬᠤ ᠶᠡᠬᠡ ᠰᠠᠢᠨ᠃
ᠬᠠᠷ᠎ᠠ ᠪᠠᠷᠰ ᠬᠠᠷᠠᠭᠴᠢᠨ ᠲᠠᠤᠯᠠᠢ ᠡᠳᠦᠷ : ᠠᠷᠢᠶᠠᠪᠠᠯᠤ ᠣᠯᠠᠨ ᠠᠮᠢᠲᠠᠨ ᠢ ᠲᠤᠰᠠᠯᠠᠮᠤᠢ᠂ ᠥᠭᠯᠢᠭᠡ ᠥᠭᠬᠦ᠂ ᠨᠣᠮ ᠪᠤᠶᠠᠨ ᠬᠢᠬᠦ ᠨᠡᠷ᠎ᠡ ᠵᠡᠷᠭᠡ ᠡᠷᠢᠬᠦ᠂ ᠰᠠᠨᠠᠭᠰᠠᠨ ᠬᠡᠷᠡᠭ ᠪᠦᠲᠦᠭᠡᠳ ᠠᠷᠢᠭᠤᠨ ᠣᠷᠣᠨ ᠳ᠋ᠤ᠌ ᠲᠥᠷᠥᠬᠦ ᠶᠡᠬᠡ ᠰᠠᠢᠨ᠃
ᠬᠥᠬᠡ ᠯᠤᠤ ᠬᠥᠬᠡᠭᠴᠢᠨ ᠮᠣᠭᠠᠢ ᠡᠳᠦᠷ : ᠳᠥᠷᠪᠡᠨ ᠶᠡᠬᠡ ᠬᠠᠭᠠᠨ ᠡᠵᠡᠯᠡᠮᠦᠢ᠂ ᠪᠤᠶᠠᠨ ᠨᠣᠮ ᠬᠢᠪᠡᠰᠦ ᠪᠤᠶᠠᠨ ᠬᠡᠰᠢᠭ ᠢᠨᠤ ᠡᠪᠳᠡᠷᠡᠭᠡᠳ ᠡᠪᠡᠳᠴᠢᠨ ᠣᠷᠣᠬᠤ᠂ ᠬᠥᠮᠦᠨ ᠰᠠᠷᠨᠢᠬᠤ ᠶᠡᠬᠡ ᠮᠠᠭᠤ᠃
ᠰᠢᠷ᠎ᠠ ᠪᠡᠴᠢ ᠰᠢᠷᠠᠭᠴᠢᠨ ᠲᠠᠬᠢᠶ᠎ᠠ ᠡᠳᠦᠷ : ᠮᠢᠩᠭᠠᠨ ᠪᠤᠷᠬᠠᠨ ᠠᠮᠢᠲᠠᠨ ᠢ ᠲᠤᠰᠠᠯᠠᠬᠤ ᠲᠤᠯᠠ ᠨᠣᠮ ᠪᠤᠶᠠᠨ ᠦᠢᠯᠡᠳᠴᠦ᠂ ᠬᠡᠭᠦᠷ ᠭᠠᠷᠭᠠᠪᠠᠯ ᠦᠷ᠎ᠡ ᠠᠴᠢ ᠳᠡᠯᠭᠡᠷᠡᠭᠡᠳ ᠨᠠᠰᠤᠨ ᠥᠯᠵᠡᠢ ᠨᠡᠮᠡᠬᠦ ᠶᠡᠬᠡ ᠰᠠᠢᠨ᠃
ᠴᠠᠭᠠᠨ ᠨᠣᠬᠠᠢ ᠴᠠᠭᠠᠭᠴᠢᠨ ᠭᠠᠬᠠᠢ ᠡᠳᠦᠷ : ᠠᠯᠢᠪᠠ ᠪᠤᠷᠬᠠᠳ ᠴᠤᠭᠯᠠᠷᠠᠵᠤ ᠣᠯᠠᠨ ᠠᠮᠢᠲᠠᠨ ᠢ ᠲᠤᠰᠠᠯᠠᠮᠤᠢ᠂ ᠨᠣᠮ ᠪᠤᠶᠠᠨ ᠬᠢᠵᠦ ᠦᠭᠯᠢᠭᠡᠡ ᠦᠭᠪᠡᠰᠦ ᠪᠤᠶᠠᠨ ᠬᠡᠰᠢᠭ ᠠᠷᠪᠢᠵᠢᠬᠤ ᠶᠡᠬᠡ ᠰᠠᠢᠨ᠃
ᠬᠠᠷ᠎ᠠ ᠬᠤᠯᠤᠭᠠᠨ᠎ᠠ ᠬᠠᠷᠠᠭᠴᠢᠨ ᠦᠬᠡᠷ ᠬᠥᠬᠡ ᠪᠠᠷᠰ ᠬᠥᠬᠡᠭᠴᠢᠨ ᠲᠠᠤᠯᠠᠢ ᠡᠳᠦᠷ : ᠬᠠᠮᠤᠭ ᠪᠤᠷᠬᠠᠳ ᠳᠣᠭᠰᠢᠨ ᠲᠡᠭᠷᠢ ᠯᠦ᠍ᠭᠡ ᠡᠵᠡᠯᠡᠮᠦᠢ᠂ ᠨᠣᠮ ᠪᠤᠶᠠᠨ ᠬᠢᠵᠦ ᠦᠭᠯᠢᠭᠡᠡ ᠦᠭᠪᠡᠰᠦ ᠨᠠᠰᠤᠨ ᠥᠯᠵᠡᠢ ᠨᠡᠮᠡᠬᠦ ᠶᠡᠬᠡ ᠰᠠᠢᠨ᠃
ᠤᠯᠠᠭᠠᠨ ᠯᠤᠤ ᠤᠯᠠᠭᠴᠢᠨ ᠮᠣᠭᠠᠢ ᠡᠳᠦᠷ : ᠶᠡᠬᠡ ᠲᠡᠷᠢᠭᠦᠲᠦ ᠲᠡᠭᠷᠢ ᠡᠵᠡᠯᠡᠭᠰᠡᠨ ᠲᠤᠯᠠ ᠪᠤᠶᠠᠨ ᠬᠢᠵᠦ ᠦᠭᠯᠢᠭᠡᠡ ᠦᠭᠪᠡᠰᠦ ᠡᠳ᠋ ᠮᠠᠯ ᠰᠠᠷᠨᠢᠵᠤ ᠭᠠᠮᠰᠢᠭ ᠵᠣᠪᠠᠯᠠᠩ ᠪᠣᠯᠬᠤ ᠶᠡᠬᠡ ᠮᠠᠭᠤ᠃
ᠰᠢᠷ᠎ᠠ ᠮᠣᠷᠢᠨ ᠡᠳᠦᠷ : ᠬᠠᠮᠤᠭ ᠪᠤᠷᠠᠬᠤᠨ ᠨᠣᠮ ᠨᠣᠮᠯᠠᠭᠰᠠᠨ ᠦᠭᠡᠢ ᠲᠤᠯᠠ ᠪᠤᠶᠠᠨ ᠨᠣᠮ ᠬᠢᠵᠦ᠂ ᠦᠭᠯᠢᠭᠡᠡ ᠥᠭᠬᠦ ᠪᠠ ᠬᠡᠭᠦᠷ ᠭᠠᠷᠭᠠᠪᠠᠯ᠂ ᠡᠪᠡᠳᠴᠢᠨ ᠲᠠᠬᠤᠯ ᠣᠷᠣᠵᠤ ᠡᠳ᠋ ᠮᠠᠯ ᠰᠠᠷᠨᠢᠬᠤ ᠶᠡᠬᠡ ᠮᠠᠭᠤ᠃
ᠰᠢᠷᠠᠭᠴᠢᠨ ᠬᠣᠨᠢ ᠡᠳᠦᠷ ᠄ ᠲᠡᠭᠦᠨᠴᠢᠯᠡᠨ ᠢᠷᠡᠭᠰᠡᠨ ᠱᠠᠭᠵᠠᠮᠤᠨᠢ ᠪᠣᠳᠢᠰᠠᠳ᠋ᠸ᠎ᠠ ᠨᠠᠷ ᠡᠵᠡᠯᠡᠵᠦ ᠨᠣᠮ ᠨᠣᠮᠯᠠᠭᠰᠠᠨ ᠲᠤᠯᠠ ᠦᠭᠯᠢᠭᠡᠡ ᠥᠭᠴᠦ ᠨᠣᠮ ᠪᠤᠶᠠᠨ ᠭᠡᠪᠡᠰᠦ ᠡᠳ᠋ ᠲᠠᠸᠠᠷ ᠠᠷᠪᠢᠵᠢᠬᠤ ᠶᠡᠬᠡ ᠰᠠᠢᠨ᠃
ᠴᠠᠭᠠᠨ ᠪᠠᠴᠢ ᠴᠠᠭᠠᠭᠴᠢᠨ ᠲᠠᠬᠢᠶ᠎ᠠ ᠡᠳᠦᠷ : ᠱᠠᠭᠵᠠᠮᠤᠨᠢ ᠪᠢᠯᠢᠭᠲᠦ ᠪᠤᠷᠬᠠᠨ ᠨᠣᠮ ᠨᠣᠮᠯᠠᠮᠤᠢ᠂ ᠨᠣᠮ ᠪᠤᠶᠠᠨ ᠬᠢᠵᠦ ᠦᠭᠯᠢᠭᠡᠡ ᠥᠭᠬᠦ ᠪᠠ ᠲᠠᠬᠢᠯ ᠳᠠᠭᠢᠪᠠᠰᠤ ᠠᠯᠳᠠᠷ ᠨᠡᠷ᠎ᠡ ᠦᠷ᠎ᠡ ᠠᠴᠢ ᠳᠡᠯᠭᠡᠷᠡᠮᠦᠢ᠃
ᠬᠠᠷ᠎ᠠ ᠨᠣᠬᠠᠢ ᠬᠠᠷᠠᠭᠴᠢᠨ ᠭᠠᠬᠠᠢ ᠡᠳᠦᠷ : ᠬᠠᠮᠤᠭ ᠪᠣᠷᠬᠤᠨ ᠮᠠᠴᠠᠭ ᠰᠠᠨᠸᠠᠷ ᠦᠯᠦ ᠠᠪᠬᠤ ᠲᠤᠯᠠ ᠠᠯᠢᠪᠠ ᠦᠢᠯᠡᠰ ᠲᠦ᠍ ᠲᠤᠰᠠ ᠦᠭᠡᠢ᠂ ᠡᠨᠡ ᠡᠳᠦᠷ ᠢ ᠪᠢᠲᠡᠭᠡᠢ ᠬᠡᠷᠡᠭᠯᠡᠭᠡᠷᠡᠢ᠃
