ᠬᠠᠮᠲᠤ ᠰᠤᠷᠤᠭᠴᠢ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ 2 Хамт сурагч минь - Мандах багшийн уран бичлэг 2 ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠲᠤ ᠰᠤᠷᠤᠭᠴᠢ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ 2 Хамт сурагч минь - Мандах багшийн уран бичлэг 2

ᠬᠠᠮᠲᠤ ᠰᠤᠷᠤᠭᠴᠢ ᠮᠢᠨᠢ -ᠮᠠᠨᠳᠤᠬᠤ ᠪᠠᠭᠰᠢ ᠶᠢᠨ ᠤᠷᠠᠨ ᠪᠢᠴᠢᠯᠭᠡ 2 Хамт сурагч минь - Мандах багшийн уран бичлэг 2

ᠠᠩᠭᠢᠯᠠᠯ:ᠤᠷᠠᠨ ᠪᠢᠴᠢᠯᠭᠡ
2024-04-09

3596

ᠬᠠᠮᠲᠤ ᠰᠤᠷᠤᠭᠴᠢ ᠮᠢᠨᠢ

     ᠰᠢᠯᠦᠭ᠄ ᠰᠡᠴᠡᠨᠪᠠᠳᠦ 
     ᠠᠶ᠎ᠠ᠄ ᠮᠦᠳᠠᠨ  
     ᠳᠠᠭᠤᠴᠢᠨ᠄ ᠵᠠᠭᠠᠷᠬᠦᠣ 

ᠨᠢᠯᠬ᠎ᠠ ᠪᠠᠯᠴᠢᠷ ᠨᠠᠰᠤᠨ ᠳ᠋ᠤ᠌ ᠪᠠᠨ 
ᠨᠠᠷᠭᠢᠯᠳᠤᠨ ᠨᠠᠭᠠᠳᠤᠭᠰᠠᠨ ᠢ᠋ᠶ᠋ᠠᠨ ᠪᠢᠲᠡᠭᠡᠢ ᠮᠠᠷᠲᠠᠭᠠᠷᠠᠢ 
ᠠᠢᠯ ᠤ᠋ᠨ ᠬᠢ ᠪᠡᠨ ᠰᠤᠷᠭᠠᠭᠤᠯᠢ ᠳ᠋ᠤ᠌ ᠪᠠᠨ ᠬᠤᠷᠠᠨ ᠴᠤᠭᠯᠠᠷᠠᠭᠠᠳ 
ᠠᠯᠢᠶᠠᠷᠬᠠᠵᠤ ᠪᠠᠢᠭᠰᠠᠨ ᠢ᠋ᠶ᠋ᠠᠨ ᠰᠠᠨᠠᠭᠠᠯᠵᠠᠭᠠᠷᠠᠢ 
ᠠᠢ ᠬᠦ᠂ ᠬᠠᠮᠲᠤ ᠰᠤᠷᠤᠭᠴᠢ ᠮᠢᠨᠢ 
ᠠᠨᠳᠠ ᠨᠠᠢᠵᠠ ᠮᠢᠨᠢ 
ᠵᠣᠯ ᠲᠠᠢ ᠴᠣᠭ ᠲᠠᠢ ᠨᠠᠰᠤᠨ ᠳ᠋ᠤ᠌ ᠪᠠᠨ 
ᠵᠣᠯᠭᠠᠵᠠᠭᠠᠶ᠎ᠠ ᠪᠢᠳᠡ ᠨᠠᠷ ᠠ᠋ 

ᠡᠬᠡᠰᠢᠭ ᠳᠣᠯᠣᠭ᠎ᠠ ᠡᠴᠡ ᠡᠬᠢᠯᠡᠵᠦ ᠰᠤᠷᠤᠭᠠᠳ 
ᠠᠬᠠᠨ ᠳᠡᠭᠦᠦ ᠰᠢᠭ ᠳᠠᠰᠤᠯᠴᠠᠨ ᠥᠰᠦᠭᠰᠡᠨ 
ᠠᠴᠢᠲᠤ ᠪᠠᠭᠰᠢ ᠶ᠋ᠢᠨ ᠠᠷᠢᠭᠤᠨ ᠰᠤᠷᠭᠠᠯ ᠢ᠋ᠶ᠋ᠠᠷ
ᠡᠪ ᠨᠠᠢᠷᠲᠠᠢ ᠨᠥᠬᠥᠷᠯᠡᠵᠦ ᠶᠠᠪᠤᠭᠰᠠᠨ
ᠳᠠᠬᠢᠯᠲᠠ

ᠬᠠᠮᠲᠤ ᠰᠤᠷᠤᠯᠴᠠᠭᠰᠠᠨ ᠴᠠᠭ ᠮᠥᠴᠡ ᠮᠢᠨᠢ
ᠬᠡᠵᠢᠶᠡᠳᠡ ᠮᠠᠨ ᠤ᠋ ᠴᠡᠭᠡᠵᠢᠨ ᠳ᠋ᠦ᠍ ᠰᠢᠦ
ᠬᠠᠶᠠ ᠰᠠᠨᠠᠨ ᠰᠠᠨᠠᠨ ᠳᠤᠷᠠᠰᠬᠤ ᠪᠠᠷ
ᠬᠠᠢᠷ᠎ᠠ ᠶ᠋ᠢᠨ ᠰᠡᠳᠬᠢᠯ ᠤᠶᠠᠷᠠᠭᠠᠳ ᠪᠠᠢᠨ᠎ᠠ 
ᠳᠠᠬᠢᠯᠲᠠ

ᠵᠢᠷᠭᠠᠬᠤ ᠬᠠᠪᠤᠷ ᠢ᠋ᠶ᠋ᠠᠨ ᠤᠭᠲᠤᠭᠰᠠᠨ ᠪᠢᠳᠡ
ᠵᠠᠯᠠᠭᠤ ᠰᠣᠶᠣᠯ ᠢ᠋ᠶ᠋ᠠᠨ ᠤᠯᠠᠮᠵᠢᠯᠠᠨ ᠪᠠᠳᠠᠷᠠᠭᠠᠶ᠎ᠠ
ᠵᠠᠯᠠᠭᠤ ᠪᠠᠭ᠎ᠠ ᠨᠠᠰᠤ ᠪᠠᠨ ᠡᠷᠭᠢᠴᠡᠭᠦᠯᠦᠭᠡᠳ
ᠵᠣᠯ ᠲᠠᠢ ᠴᠣᠭ ᠲᠠᠢ ᠵᠢᠷᠭᠠᠵᠠᠭᠠᠶ᠎ᠠ ᠪᠢᠳᠡ ᠨᠠᠷ ᠠ᠋ 
ᠳᠠᠬᠢᠯᠲᠠ 
   ᠦᠰᠦᠭ ᠠᠮᠢᠯᠠᠭᠤᠯᠤᠭ᠍ᠴᠢ᠄ ᠰᠡᠴᠡᠨᠪᠠᠲᠤ
   ᠺᠣᠮᠫᠢᠦ᠋ᠲ᠋ᠧᠷ ᠤᠨ ᠬᠢᠨᠠᠭ᠍ᠴᠢ᠄ ᠬᠠᠢ ᠵᠢᠶᠦ᠋ᠨ