ᠬᠥᠳᠡᠭᠡ ᠶᠢᠨ ᠠᠢᠯ – ᠴᠣ ᠂ ᠣᠷᠱᠤᠨ Хөдөөгийн айл – Чо ᠂ Оршин
ᠬᠥᠳᠡᠭᠡ ᠶᠢᠨ ᠠᠢᠯ
ᠠᠭᠤᠯᠠ ᠰᠢᠭ᠋ ᠪᠤᠰᠬᠠᠭᠰᠠᠨ ᠡᠪᠡᠰᠦ ᠪᠣᠷᠳᠣᠭ᠎ᠠ
ᠤᠷᠰᠢᠭᠲᠤ ᠭᠠᠮᠰᠢᠭ ᠢ᠋ ᠬᠠᠰᠢᠵᠤ ᠬᠣᠷᠢᠨ᠎ᠠ
ᠤᠷᠲᠤ ᠳᠥᠷᠪᠡᠯᠵᠢᠨ ᠠᠭᠤᠵᠢᠮ ᠰᠠᠷᠠᠪᠴᠢᠨ ᠳ᠋ᠤ᠌
ᠤᠭᠤᠴᠠ ᠨᠢ ᠭᠢᠯᠦᠭᠡᠷ ᠦᠨᠢᠶᠡᠳ ᠬᠡᠪᠢᠨ᠎ᠡ
ᠮᠠᠯ ᠰᠦᠷᠦᠭ— ᠬᠠᠰᠢᠶ᠎ᠠ ᠰᠠᠷᠠᠪᠴᠢ
ᠮᠠᠯᠴᠢᠳ ᠤ᠋ᠨ ᠰᠣᠨᠢᠷᠬᠠᠯ— ᠴᠢᠮᠡᠭᠡ ᠰᠤᠷᠠᠭ
ᠮᠠᠯᠵᠢᠬᠤ ᠣᠷᠣᠨ— ᠰᠦᠪᠡᠭᠴᠢ ᠡᠷᠢᠯᠬᠢᠯᠡᠯ
ᠮᠠᠷᠭᠠᠰᠢ ᠥᠨᠥᠳᠥᠷ ᠰᠢᠨᠡᠴᠢᠯᠡᠯ ᠥᠭᠡᠷᠡᠴᠢᠯᠡᠯ
ᠪᠠᠢᠭᠠᠯᠢ ᠶ᠋ᠢ ᠲᠦᠰᠢᠵᠦ ᠮᠠᠯ ᠬᠠᠷᠠᠬᠤ
ᠪᠠᠷᠯᠤᠭ ᠠᠵᠢᠯ ᠲᠡᠦᠬᠡ ᠪᠣᠯᠤᠯ᠎ᠠ
ᠰᠢᠨᠵᠢᠯᠡᠬᠦ ᠤᠬᠠᠭᠠᠨᠴᠢ ᠪᠠᠷ ᠬᠣᠷᠸ᠎ᠠ ᠶ᠋ᠢ ᠵᠠᠬᠢᠷᠬᠤ
ᠰᠢᠯᠢ ᠶ᠋ᠢᠨ ᠮᠠᠯᠴᠢᠳ ᠤ᠋ᠨ ᠵᠣᠷᠢᠯᠲᠠ ᠲᠣᠳᠣᠷᠠᠯ᠎ᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 28
