ᠣᠩᠭᠣᠨ ᠲᠠᠯ᠎ᠠ – ᠴᠣ ᠂ ᠣᠷᠱᠤᠨ Онгон тал – Чо ᠂ Оршин
ᠬᠥᠮᠦᠨ ᠦ᠌ ᠪᠡᠨ ᠰᠠᠨᠠᠭ᠎ᠠ ᠰᠢᠭ᠋ ᠴᠡᠯᠡᠭᠡᠷ ᠪᠠᠢᠳᠠᠭ
ᠬᠥᠨᠳᠡᠢ ᠲᠠᠯ᠎ᠠ ᠴᠢᠨᠢ ᠶᠠᠭᠠᠬᠢᠭᠰᠠᠨ ᠲᠡᠨᠢᠭᠡᠷ ᠪᠣᠢ⁈
ᠬᠥᠬᠡᠭᠡ ᠡᠪᠦᠯ ᠦ᠋ᠨ ᠲᠡᠰᠬᠢᠮ᠎ᠡ ᠡᠷᠡᠨ ᠳ᠋ᠦ᠍
ᠬᠦᠷᠴᠦ ᠣᠴᠢᠪᠠᠯ ᠶᠠᠭᠠᠬᠢᠭᠰᠠᠨ ᠳᠤᠯᠠᠭᠠᠨ ᠪᠣᠢ⁈
ᠥᠩ ᠨᠠᠮᠤᠷ ᠤ᠋ᠨ ᠨᠠᠯᠠᠭᠠᠷ ᠬᠡᠪᠲᠡᠷᠢ
ᠡᠷᠦᠬᠡ ᠪᠦᠬᠦᠨ ᠦ᠌ ᠬᠠᠶᠠᠭᠠᠨ ᠳ᠋ᠤ᠌ ᠰᠠᠨᠠᠭᠳᠠᠨ᠎ᠠ
ᠥᠭᠭᠢᠶᠡᠮᠦᠷ ᠬᠠᠪᠤᠷ ᠤ᠋ᠨ ᠲᠥᠯ ᠦ᠋ᠨ ᠳᠠᠭᠤᠨ
ᠥᠨᠢᠷ ᠰᠦᠷᠦᠭ ᠦ᠋ᠨ ᠬᠣᠲᠠᠨ ᠳ᠋ᠤ᠌ ᠱᠠᠭᠢᠨ᠎ᠠ ᠲᠠ
ᠮᠦᠰᠢᠶᠡᠵᠦ ᠪᠠᠢᠨ᠎ᠠ ᠤᠤ᠂ ᠣᠩᠭᠣᠨ ᠲᠠᠯ᠎ᠠ ᠮᠢᠨᠢ
ᠲᠠᠩᠰᠤᠭ ᠠᠮᠢᠳᠤᠷᠠᠯ ᠤ᠋ᠨ ᠬᠥᠳᠡᠯᠮᠦᠷᠢ ᠪᠤᠴᠠᠯᠤᠨ᠎ᠠ᠂
ᠲᠠ ᠢᠨᠢᠶᠡᠵᠦ ᠪᠠᠢᠨ᠎ᠠ ᠤᠤ᠂ ᠣᠩᠭᠣᠨ ᠲᠠᠯ᠎ᠠ ᠮᠢᠨᠢ
ᠲᠠᠷᠭᠤ ᠬᠠᠯᠭᠢᠯᠠᠭᠰᠠᠨ ᠰᠦᠷᠦᠭ ᠪᠢᠯᠬᠠᠷᠠᠨ᠎ᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 03 28
